ᠷᠠᠰᠢ
ᠨᠡᠶᠢᠲᠡᠯᠡᠭᠰᠡᠨ ᠴᠠᠭ᠄
2024/2/8
      ᠷᠠᠰᠢ᠄ ᠮᠣᠩᠭᠤᠯ ᠦᠨᠳᠦᠰᠦᠲᠡᠨ᠂ ᠡᠷᠡᠭᠲᠡᠢ᠂ ᠰᠦᠮᠡᠲᠦ ᠰᠤᠮᠤᠨ ᠤ ᠪᠠᠭ᠎ᠠ ᠡᠷᠬᠡᠲᠦ ᠭᠠᠴᠠᠭ᠎ᠠ ᠶᠢᠨ ᠬᠦᠮᠦᠨ᠃ 18 ᠨᠠᠰᠤᠨ ᠠᠴᠠ ᠪᠠᠨ ᠠᠷᠠᠳ ᠤᠨ ᠤᠷᠠᠨ ᠲᠠᠷᠬᠠᠨ ᠡᠷᠳᠡᠨᠢᠳᠠᠯᠠᠢ ︵ᠰᠦᠮᠡᠲᠦ ᠰᠤᠮᠤᠨ ᠤ ᠬᠠᠳᠠᠲᠤ ᠭᠠᠴᠠᠭ᠎ᠠ ᠶᠢᠨ ᠬᠦᠮᠦᠨ︶ ᠶᠢ ᠪᠠᠭᠰᠢ ᠪᠠᠷᠢᠵᠦ᠂ ᠮᠣᠩᠭᠤᠯ ᠭᠡᠷ ᠤᠨ ᠬᠠᠨ᠎ᠠ ᠲᠣᠭᠤᠨᠤ ᠬᠢᠬᠦ ᠮᠡᠷᠭᠡᠵᠢᠯ ᠢ ᠰᠤᠷᠴᠠᠢ᠃ 25 ᠨᠠᠰᠤ ᠬᠦᠷᠬᠦ ᠳᠤ ᠮᠠᠲ᠋ᠧᠷᠢᠶᠠᠯ ᠰᠣᠩᠭᠤᠬᠤ᠂ ᠪᠣᠯᠪᠠᠰᠤᠷᠠᠭᠤᠯᠬᠤ᠂ ᠵᠠᠰᠠᠬᠤ ᠤᠷ᠎ᠠ ᠮᠡᠷᠭᠡᠰᠢᠯ᠂ ᠬᠡᠪ ᠬᠡᠮᠵᠢᠶ᠎ᠡ ᠵᠡᠷᠭᠡ ᠣᠯᠠᠨ ᠵᠦᠢᠯ ᠤᠨ ᠮᠡᠷᠭᠡᠵᠢᠯ ᠢ ᠡᠵᠡᠮᠰᠢᠵᠡᠢ᠂ 30 ᠨᠠᠰᠤᠨ ᠠᠴᠠ ᠡᠬᠢᠯᠡᠭᠡᠳ ᠥᠪᠡᠷ ᠢᠶᠠᠨ ᠲᠤᠰᠠᠭᠠᠷ ᠮᠣᠩᠭᠤᠯ ᠭᠡᠷ ᠵᠠᠰᠠᠵᠤ ᠴᠢᠳᠠᠬᠤ ᠪᠣᠯᠵᠠᠢ᠃ ᠮᠣᠩᠭᠤᠯ ᠭᠡᠷ ᠤᠨ ᠬᠠᠨ᠎ᠠ᠂ ᠤᠨᠢ᠂ ᠲᠣᠭᠤᠨᠤ ᠶᠢ ᠵᠠᠰᠠᠬᠤ ᠳᠤ ᠪᠦᠷ ᠪᠤᠷᠭᠠᠰᠤ ᠪᠠᠷ ᠲᠦᠭᠦᠬᠡᠢ ᠮᠠᠲ᠋ᠧᠷᠢᠶᠠᠯ ᠪᠣᠯᠭᠠᠳᠠᠭ᠃ ᠪᠤᠷᠭᠠᠰᠤᠨ ᠤ ᠡᠬᠢ ᠪᠠᠶᠠᠯᠢᠭ ᠬᠢᠵᠠᠭᠠᠷ ᠲᠠᠢ ᠪᠣᠯᠬᠤᠷ᠂ ᠦᠷᠭᠦᠯᠵᠢ ᠦᠦᠰᠢᠨ ᠬᠤᠰᠢᠭᠤᠨ ᠤ ᠬᠢᠵᠠᠭᠠᠷ ᠲᠤ ᠣᠷᠣᠵᠤ ᠮᠣᠩᠭᠤᠯ ᠭᠡᠷ ᠬᠢᠬᠦ ᠪᠤᠷᠭᠠᠰᠤᠨ ᠮᠠᠲ᠋ᠧᠷᠢᠶᠠᠯ ᠰᠣᠩᠭᠤᠵᠤ ᠲᠡᠮᠡᠭᠡ ᠪᠠᠷ ᠠᠴᠢᠵᠤ ᠠᠪᠴᠢᠷᠠᠭᠠᠳ ᠪᠣᠯᠪᠠᠰᠤᠷᠠᠭᠤᠯᠳᠠᠭ᠃ ᠲᠡᠷᠡ ᠬᠦᠮᠦᠰ ᠤᠨ ᠠᠳᠠᠯᠢ ᠪᠤᠰᠤ ᠱᠠᠭᠠᠷᠳᠠᠯᠭ᠎ᠠ ᠶᠢ ᠦᠨᠳᠦᠰᠦᠯᠡᠨ ᠳᠥᠷᠪᠡᠨ ᠬᠠᠨ᠎ᠠ᠂ ᠵᠢᠷᠭᠤᠭᠠᠨ ᠬᠠᠨ᠎ᠠ᠂ ᠨᠠᠢᠮᠠᠨ ᠬᠠᠨ᠎ᠠ ᠲᠠᠢ ᠠᠳᠠᠯᠢ ᠪᠤᠰᠤ ᠬᠡᠯᠪᠡᠷᠢ ᠶᠢᠨ ᠮᠣᠩᠭᠤᠯ ᠭᠡᠷ ᠤᠨ ᠶᠠᠰᠤ ᠶᠢ ᠵᠠᠰᠠᠵᠤ᠂ ᠥᠷᠭᠡᠨ ᠣᠯᠠᠨ ᠮᠠᠯᠴᠢᠨ ᠲᠦᠮᠡᠨ ᠳᠤ ᠬᠦᠷᠢᠶᠡᠯᠡᠭᠳᠡᠭᠡᠳ᠂ ᠭᠤᠴᠢᠭᠠᠳ ᠣᠨ ᠤ ᠦᠶ᠎ᠡ ᠪᠣᠯᠬᠤ ᠳᠤ ᠬᠤᠯᠠ ᠣᠶᠢᠷ᠎ᠠ ᠳᠤ ᠠᠯᠳᠠᠷᠰᠢᠭᠰᠠᠨ ᠤᠷᠠᠨ ᠲᠠᠷᠬᠠᠨ ᠪᠣᠯᠵᠠᠢ᠃ ᠴᠠᠪ᠂ ᠪᠠᠶᠠᠨᠲᠤᠯᠤᠭᠠᠢ᠂ ᠪᠣᠷᠤᠬᠤᠰᠢᠭᠤ᠂ ᠰᠦᠮᠡᠲᠦ ᠵᠡᠷᠭᠡ ᠭᠠᠵᠠᠷ ᠤᠨ ᠮᠠᠯᠴᠢᠳ ᠷᠠᠰᠢ ᠶᠢᠨ ᠵᠠᠰᠠᠭᠰᠠᠨ ᠮᠣᠩᠭᠤᠯ ᠭᠡᠷ ᠢ ᠬᠤᠳᠠᠯᠳᠤᠨ ᠠᠪᠳᠠᠭ ᠪᠠᠶᠢᠪᠠ᠃      ᠲᠡᠷᠡ ᠮᠣᠩᠭᠤᠯ ᠭᠡᠷ ᠤᠨ ᠶᠠᠰᠤ ᠵᠠᠰᠠᠬᠤ ᠠᠴᠠ ᠭᠠᠳᠠᠨ᠎ᠠ᠂ ᠠᠷᠤᠭ᠂ ᠬᠡᠯᠬᠢᠮᠡᠯ ᠪᠤᠷᠭᠠᠰᠤᠨ ᠳᠡᠪᠢᠰᠬᠡᠷ ᠵᠡᠷᠭᠡ ᠮᠠᠯᠴᠢᠨ ᠠᠷᠠᠳ ᠤᠨ ᠦᠷᠭᠦᠯᠵᠢ ᠬᠡᠷᠡᠭᠯᠡᠳᠡᠭ ᠠᠮᠢᠳᠤᠷᠠᠯ ᠤᠨ ᠬᠡᠷᠡᠭᠰᠡᠯ ᠢ ᠵᠠᠰᠠᠵᠤ ᠪᠠᠶᠢᠵᠠᠢ᠃ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠮᠠᠯᠴᠢᠳ ᠤᠨ ᠰᠠᠭᠤᠷᠢᠰᠢᠨ ᠨᠤᠲᠤᠭᠯᠠᠬᠤ ᠶᠢ ᠳᠠᠭᠠᠯᠳᠤᠨ ᠮᠣᠩᠭᠤᠯ ᠭᠡᠷ ᠵᠠᠰᠠᠬᠤ ᠦᠢᠯᠡᠳᠪᠦᠷᠢᠯᠡᠯ ᠠᠭᠠᠵᠢᠮ ᠢᠶᠠᠷ ᠬᠠᠶᠠᠭᠳᠠᠵᠠᠢ᠃ ᠢᠩᠭᠢᠭᠡᠳ ᠲᠡᠷᠡ ᠪᠤᠷᠭᠠᠰᠤᠨ ᠵᠠᠮᠪᠠ ᠭᠡᠷ᠂ ᠪᠤᠷᠭᠠᠰᠤᠨ ᠵᠠᠮᠪᠠ ᠪᠠᠶᠢᠰᠢᠩ ᠪᠠᠷᠢᠬᠤ ᠮᠡᠷᠭᠡᠵᠢᠯ ᠢ ᠰᠤᠷᠴᠤ᠂ ᠠᠶᠢᠯ ᠡᠷᠦᠬᠡ ᠳᠤ ᠮᠠᠰᠢ ᠠᠷᠪᠢᠨ ᠬᠢᠯᠪᠡᠷ ᠳᠥᠭᠦᠮ ᠭᠡᠷ ᠪᠠᠷᠢᠵᠦ ᠥᠭᠳᠡᠭ ᠪᠠᠶᠢᠪᠠ᠃ 1966 ᠣᠨ ᠳᠤ ᠪᠠᠭ᠎ᠠ ᠡᠷᠬᠡᠲᠦ ᠳᠤ ᠨᠠᠰᠤ ᠪᠠᠷᠠᠵᠠᠢ᠃        ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ