ᠰᠠᠮᠲᠠᠨ᠄ ᠮᠣᠩᠭᠤᠯ ᠦᠨᠳᠦᠰᠦᠲᠡᠨ᠂ ᠡᠷᠡᠭᠲᠡᠢ᠂ ᠣᠲᠤᠭ ᠬᠤᠰᠢᠭᠤᠨ ᠤ ᠰᠦᠮᠡᠲᠦ ᠰᠤᠮᠤᠨ ᠤ ᠬᠠᠳᠠᠲᠤ ᠭᠠᠴᠠᠭ᠎ᠠ ᠶᠢᠨ ᠮᠠᠯᠴᠢᠨ ᠶᠤᠮ᠃ ᠰᠢᠨ᠎ᠡ ᠳᠤᠮᠳᠠᠳᠤ | ᠤᠯᠤᠰ ᠪᠠᠶᠢᠭᠤᠯᠤᠭᠳᠠᠬᠤ ᠠᠴᠠ ᠡᠮᠦᠨ᠎ᠡ᠂ ᠹᠸᠤᠳᠠᠯ ᠢᠵᠠᠭᠤᠷᠲᠠᠨ ᠳᠤ ᠮᠠᠯ ᠬᠠᠷᠢᠭᠤᠯᠤᠨ ᠬᠦᠴᠦ ᠶᠠᠪᠤᠵᠤ᠂ ᠲᠠᠷᠢᠶ᠎ᠠ ᠲᠠᠷᠢᠵᠤ ᠠᠮᠢᠳᠤᠷᠠᠵᠤ ᠪᠠᠶᠢᠪᠠ᠃ 1956 | ᠣᠨ ᠳᠤ ᠮᠠᠤ ᠽᠧ ᠳ᠋ᠦᠡᠭ ᠲᠡᠷᠢᠭᠦᠯᠡᠭᠴᠢ ᠶᠢᠨ ᠳᠤᠷᠠᠳᠤᠭᠰᠠᠨ ︽ᠡᠬᠡ ᠤᠯᠤᠰ ᠢᠶᠠᠨ ᠨᠣᠭᠤᠭᠠᠷᠠᠭᠤᠯᠰᠤᠭᠠᠢ︾ ᠭᠡᠰᠡᠨ ᠤᠷᠢᠶᠠᠯᠠᠭ᠎ᠠ ᠶᠢ ᠳᠠᠭᠠᠵᠤ᠂ ᠣᠢ ᠮᠣᠳᠣ | ᠲᠠᠷᠢᠵᠤ ᠡᠯᠡᠰᠦ ᠮᠠᠩᠬ᠎ᠠ ᠶᠢ ᠵᠠᠰᠠᠵᠤ ᠡᠬᠢᠯᠡᠵᠡᠢ᠃ 1961 ᠣᠨ ᠳᠤ ᠲᠡᠷᠡ ᠰᠤᠮᠤᠨ ᠤ ᠣᠢ ᠮᠣᠳᠣᠨ ᠤ ᠲᠠᠯᠠᠪᠠᠢ ᠠᠴᠠ 100 ᠰᠠᠭᠤᠷᠢ ᠤᠯᠢᠶᠠᠰᠤᠨ ᠴᠢᠬᠢ | ᠮᠣᠳᠣ ᠪᠣᠯᠣᠨ ᠤᠳᠠ᠂ ᠰᠤᠬᠠᠢ ᠶᠢᠨ ᠰᠣᠶᠤᠭ᠎ᠠ ᠬᠤᠳᠠᠯᠳᠤᠨ ᠠᠪᠴᠦ᠂ ᠭᠡᠷ ᠤᠨ ᠢᠶᠠᠨ ᠡᠭᠦᠳᠡᠨ ᠡᠮᠦᠨ᠎ᠡ ᠨᠢᠭᠡᠨ ᠮᠦ ᠬᠦᠷᠢᠶ᠎ᠡ ᠭᠠᠷᠭᠠᠵᠤ᠂ ᠮᠣᠳᠣᠨ ᠰᠣᠶᠤᠭ᠎ᠠ | ᠪᠣᠶᠢᠵᠢᠭᠤᠯᠵᠠᠢ᠃ ᠣᠶᠢᠵᠢᠭᠤᠯᠬᠤ ᠮᠡᠷᠭᠡᠵᠢᠯ ᠬᠦᠷᠦᠯᠴᠡᠬᠦ ᠦᠭᠡᠢ ᠠᠴᠠ ᠪᠣᠯᠵᠦ᠂ ᠲᠡᠭᠦᠨ ᠤ ᠪᠣᠶᠢᠵᠢᠭᠤᠯᠤᠭᠰᠠᠨ ᠰᠣᠶᠤᠭ᠎ᠠ ᠳᠠᠷᠠᠭ᠎ᠠ ᠵᠢᠯ ᠨᠢ ᠪᠣᠯᠬᠤ ᠳᠤ ᠵᠥᠪᠬᠡᠨ | ᠭᠠᠭᠴᠠᠬᠠᠨ ᠰᠠᠭᠤᠷᠢ ᠠᠮᠢᠳᠤᠷᠠᠵᠠᠢ᠃ ᠲᠡᠷᠡ ᠬᠠᠷᠢᠨ ᠵᠣᠷᠢᠭ ᠮᠣᠬᠤᠭᠰᠠᠨ ᠦᠭᠡᠢ᠂ ᠤᠯᠤᠰ ᠠᠴᠠ ᠡᠷᠬᠢᠯᠡᠭᠰᠡᠨ ᠣᠢ ᠮᠣᠳᠣᠨ ᠲᠠᠯᠠᠪᠠᠢ ᠶᠢᠨ ᠠᠬᠮᠭᠳ ᠠᠵᠢᠯᠴᠢᠨ ᠢ | ᠤᠷᠢᠨ ᠠᠪᠴᠢᠷᠠᠵᠤ᠂ ᠴᠢᠬᠢ ᠮᠣᠳᠣ ᠦᠬᠦᠭᠰᠡᠨ ᠰᠢᠯᠲᠠᠭᠠᠨ ᠢ ᠬᠠᠮᠲᠤ ᠪᠠᠷ ᠵᠠᠳᠠᠯᠵᠤ ᠲᠤᠷᠰᠢᠯᠭ᠎ᠠ ᠪᠠᠨ ᠳ᠋ᠦᠩᠨᠡᠵᠦ᠂ ᠮᠡᠷᠭᠡᠵᠢᠯ ᠵᠢᠭᠠᠯᠭᠠᠵᠤ᠂ ᠮᠥᠨ ᠵᠢᠯ ᠤᠨ ᠨᠠᠮᠤᠷ | 600 ᠰᠠᠭᠤᠷᠢ ᠴᠢᠬᠢ ᠮᠣᠳᠣ ᠲᠠᠷᠢᠭᠰᠠᠨ ᠳᠤ ᠳᠠᠷᠠᠭ᠎ᠠ ᠵᠢᠯ ᠨᠢ ᠪᠦᠬᠦᠨ ᠢᠶᠠᠷ ᠢᠶᠠᠨ ᠠᠮᠢᠳᠤᠷᠠᠵᠠᠢ᠃ ᠠᠳᠡ ᠠᠴᠠ ᠡᠬᠢᠯᠡᠭᠡᠳ ᠲᠡᠷᠡ ᠵᠢᠯ ᠪᠦᠷᠢ ᠶᠢᠨ ᠬᠠᠪᠤᠷ ᠤᠨ | ᠤᠯᠠᠷᠢᠯ ᠳᠤ ᠥᠪᠡᠷ ᠤᠨ ᠰᠦᠷᠦᠭ ᠤᠨ ᠴᠡᠭ ᠤᠨ ᠢᠶᠠᠨ ᠲᠣᠭᠤᠷᠢᠨ ᠳᠤ ᠣᠶᠢᠵᠢᠭᠤᠯᠤᠯᠲᠠ ᠬᠢᠬᠦ ᠶᠢ ᠪᠠᠷᠢᠮᠲᠠᠯᠠᠵᠠᠢ᠃ | ᠰᠠᠮᠲᠠᠨ 1961 ᠣᠨ ᠠᠴᠠ ᠡᠬᠢᠯᠡᠨ ᠮᠣᠳᠣ ᠲᠠᠷᠢᠵᠦ᠂ ᠭᠤᠴᠢᠭᠠᠳ ᠵᠢᠯ ᠢᠮᠠᠭᠲᠠ ᠪᠠᠷᠢᠮᠲᠠᠯᠠᠭᠰᠠᠭᠠᠷ ᠢᠷᠡᠵᠡᠢ᠃ ᠲᠡᠷᠡ ᠤᠯᠢᠶᠠᠰᠤ᠂ ᠤᠳᠠ᠂ | ᠬᠠᠶᠢᠯᠠᠰᠤ᠂ ᠭᠦᠢᠯᠡᠰᠦ᠂ ᠲᠤᠭᠤᠷ᠂ ᠠᠯᠢᠮ᠎ᠠ᠂ ᠬᠤᠨᠳᠠᠷ ᠵᠡᠷᠭᠡ 10 ᠭᠠᠷᠤᠢ ᠵᠦᠢᠯ ᠤᠨ ᠮᠣᠳᠣ ᠶᠢ ᠨᠡᠶᠢᠲᠡ 3 ᠲᠦᠮᠡ ᠭᠠᠷᠤᠢ ᠰᠠᠭᠤᠷᠢ ᠲᠠᠷᠢᠵᠦ᠂ 45 ᠮᠦ | ᠪᠤᠷᠭᠠᠰᠤ ᠲᠠᠷᠢᠵᠤ᠂ 1.5 ᠲᠦᠮᠡᠨ ᠮᠦ ᠡᠯᠡᠰᠦ ᠶᠢ ᠨᠣᠭᠤᠭᠠᠷᠠᠭᠤᠯᠵᠤ᠂ 1 ᠲᠦᠮᠡᠨ ᠰᠠᠭᠤᠷᠢ ᠮᠣᠳᠣ ᠨᠢ ᠬᠡᠷᠡᠭᠯᠡᠭᠡᠨ ᠤ ᠮᠣᠳᠣ ᠪᠣᠯᠣᠨ ᠪᠣᠶᠢᠵᠢᠵᠠᠢ᠃ ᠲᠡᠷᠡ | ᠤᠯᠤᠰ ᠲᠤ 10 ᠲᠦᠮᠡᠨ ᠮᠦ ᠰᠠᠭᠤᠷᠢ ᠴᠢᠬᠢ ᠮᠣᠳᠣ ᠬᠠᠩᠭᠠᠵᠤ᠂ ᠲᠤᠰ ᠭᠠᠴᠠᠭ᠎ᠠ ᠳᠠᠭᠠᠨ 100 ᠭᠠᠷᠤᠢ ᠳ᠋ᠢᠶᠠᠩᠬᠤᠸᠠ ᠤᠲᠠᠰᠤᠨ ᠪᠠᠭᠠᠨ᠎ᠠ ᠪᠣᠯᠣᠨ ᠤᠨᠢ ᠶᠢ | ᠦᠨ᠎ᠡ ᠲᠥᠯᠥᠪᠦᠷᠢ ᠦᠭᠡᠢ ᠬᠠᠩᠭᠠᠵᠤ᠂ ᠮᠠᠯᠴᠢᠳ ᠲᠤ ᠴᠤ ᠶᠡᠭᠡ ᠬᠡᠮᠵᠢᠶᠡᠨ ᠤ ᠴᠢᠬᠢ ᠮᠣᠳᠣ ᠶᠢ ᠦᠨ᠎ᠡ ᠲᠥᠯᠥᠪᠦᠷᠢ ᠦᠭᠡᠢ ᠪᠠᠷ ᠬᠠᠩᠭᠠᠭᠠᠳ ᠥᠷᠭᠡᠨ ᠣᠯᠠᠨ | ᠲᠦᠮᠡᠨ ᠳᠡᠭᠡᠨ ︽ᠡᠯᠡᠰᠦ ᠵᠠᠰᠠᠭᠴᠢ ᠲᠡᠨᠡᠭ ᠡᠪᠦᠭᠡᠨ︾ ᠬᠡᠮᠡᠨ ᠮᠠᠭᠲᠠᠭᠳᠠᠵᠠᠢ᠃ 1975 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠤᠨ ᠭᠡᠰᠢᠭᠦᠨ ᠢᠶᠠᠷ | ᠡᠯᠰᠡᠭᠳᠡᠵᠦ᠂ 1976 ᠣᠨ ᠤ 8 ᠳ᠋ᠤᠭᠠᠷ ᠰᠠᠷ᠎ᠠ ᠶᠢᠨ 27 ᠤ ᠡᠳᠦᠷ ᠶᠡᠭᠡ ᠵᠣᠣ ᠠᠶᠢᠮᠠᠭ ᠤᠨ ᠨᠠᠮ ᠤᠨ ᠬᠤᠷᠢᠶ᠎ᠠ ᠠᠴᠠ ᠰᠠᠮᠲᠠᠨ ᠤ ᠵᠢᠱᠢᠶᠡᠴᠢ ᠠᠵᠢᠯᠯᠠᠭ᠎ᠠ ᠶᠢ | ᠰᠤᠷᠤᠯᠴᠠᠬᠤ ᠥᠷᠨᠢᠯᠲᠡ ᠭᠠᠷᠭᠠᠬᠤ ᠲᠤᠬᠠᠢ ᠮᠡᠳᠡᠭᠳᠡᠯ ᠭᠠᠷᠭᠠᠵᠤ᠂ ᠲᠡᠭᠦᠨ ᠤ ᠲᠡᠷᠢᠭᠦᠨ ᠤ ᠦᠢᠯᠡ ᠠᠵᠢᠯᠯᠠᠭ᠎ᠠ ᠶᠢ ᠰᠠᠶᠢᠰᠢᠶᠠᠪᠠ᠃ 1977 ᠣᠨ ᠳᠤ | ᠲᠠᠪᠤᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠣᠩᠭᠤᠭᠳᠠᠵᠤ᠂ ᠲᠠᠪᠤᠳᠤᠭᠠᠷ | ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠡᠯ᠎ᠡ ᠤᠳᠠᠭᠠᠨ ᠤ ᠬᠤᠷᠠᠯᠳᠤᠭᠠᠨ ᠳᠤ ᠣᠷᠣᠯᠴᠠᠵᠤ᠂ ᠨᠠᠮ ᠪᠠ ᠲᠥᠷᠥ ᠶᠢᠨ | ᠤᠳᠤᠷᠢᠳᠤᠭᠴᠢ ᠨᠠᠷ ᠲᠠᠢ ᠠᠭᠤᠯᠵᠠᠵᠠᠢ᠃ | | ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ | |