ᠬᠡᠦᠬᠡᠳ ᠤᠨ ᠢᠶᠠᠨ ᠤᠷᠮᠠᠰᠢᠯ ᠢ ᠨᠢ ᠬᠥᠭᠵᠢᠭᠡᠵᠦ ᠪᠠᠶᠢᠶ᠎ᠠ
ᠨᠡᠶᠢᠲᠡᠯᠡᠭᠰᠡᠨ ᠴᠠᠭ᠄
2024/3/11
      ᠭᠡᠷ ᠤᠨ ᠠᠬᠠᠮᠠᠳ ᠪᠣᠯᠣᠭᠰᠠᠳ ᠬᠡᠨ ᠨᠢ ᠴᠦ ᠭᠡᠳ ᠥᠪᠡᠷ ᠤᠨ ᠬᠡᠦᠬᠡᠳ ᠢᠶᠠᠨ ᠬᠥᠮᠥᠨ ᠠᠴᠠ ᠳᠤᠲᠠᠭᠤ ᠦᠭᠡᠢ᠂ ᠬᠤᠴᠣᠷᠤᠯ ᠦᠭᠡᠢ ᠶᠠᠪᠤᠭᠤᠯᠵᠤ᠂ ︽ᠠᠳᠤᠭᠤᠨ ᠳᠤ ᠪᠠᠨ ᠭᠡᠪᠡᠯ ᠬᠥᠯᠥᠭ ᠤᠨ ᠲᠣᠭᠤᠰᠣᠨ ᠳᠤ ᠪᠤᠯᠠᠭᠳᠠᠬᠤ ᠦᠭᠡᠢ᠂ ᠠᠲᠠᠭᠠᠨ ᠳᠤ ᠪᠠᠨ ᠭᠡᠪᠡᠯ ᠬᠥᠮᠥᠨ ᠤ ᠲᠣᠭᠤᠰᠣᠨ ᠳᠤ ᠪᠤᠯᠠᠭᠳᠠᠬᠤ ᠦᠭᠡᠢ︾ ᠪᠠᠶᠢᠬᠤ ᠶᠢ ᠬᠦᠰᠡᠨ ᠪᠣᠳᠣᠳᠠᠭ᠃ ᠰᠣᠷᠭᠠᠨ ᠬᠥᠮᠥᠵᠢᠯ ︵ᠬᠡᠦᠬᠡᠳ ᠤᠨ︶ ᠤᠨ ᠵᠢᠮ᠎ᠡ ᠶᠣᠰᠣ ᠶᠢ ᠮᠥᠷᠳᠡᠪᠡᠯ᠂ ᠬᠡᠦᠬᠡᠳ ᠡᠬᠡ ᠶᠢᠨ ᠬᠡᠪᠡᠯᠢ ᠠᠴᠠ ᠤᠨᠠᠵᠤ ᠢᠷᠡᠬᠦ ᠲᠠᠢ ᠵᠡᠷᠭᠡ ᠡᠵᠢ ᠶᠢᠨ ᠢᠶᠠᠨ ᠬᠥᠬᠦ ᠶᠢ ᠣᠯᠵᠤ ᠮᠥᠮᠥᠵᠦ ᠴᠢᠳᠠᠳᠠᠭ ᠲᠥᠷᠥᠯᠬᠢ ᠴᠢᠳᠠᠪᠤᠷᠢ ᠪᠠᠶᠢᠬᠤ ᠠᠴᠠ ᠭᠠᠳᠠᠨ᠎ᠠ ᠲᠡᠭᠦᠨ ᠳᠤ ᠨᠠᠷᠠᠲᠤ ᠬᠤᠷᠸ᠎ᠠ ᠶᠢᠨ ᠠᠯᠢᠪᠠ ᠪᠦᠬᠦᠨ ᠲᠠᠢ ᠵᠣᠬᠢᠴᠠᠯᠳᠤᠨ ᠴᠢᠳᠠᠳᠠᠭ ᠲᠥᠷᠥᠯᠬᠢ ᠠᠪᠢᠶᠠᠰ ᠪᠠᠰᠠ ᠣᠯᠠᠨ ᠣᠯᠠᠨ ᠪᠠᠶᠢᠨ᠎ᠠ ᠭᠡᠳᠡᠭ ᠢ ᠦᠢᠯᠡᠳᠦᠯᠭᠡ ᠶᠢᠨ ᠳᠤᠮᠳᠠ ᠠᠴᠠ ᠰᠡᠷᠡᠵᠦ ᠮᠡᠳᠡᠯ᠎ᠡ᠃ ᠰᠠᠶ᠋ᠢ ᠲᠥᠷᠥᠭᠰᠡᠨ ᠬᠡᠦᠬᠡᠳ ᠤᠬᠢᠯᠠᠵᠤ ᠪᠠᠶᠢᠬᠤ ᠨᠢ ᠶᠡᠷᠦ ᠳᠤ ᠪᠠᠨ ᠨᠢᠭᠡ ᠪᠣᠯ ᠥᠯᠥᠰᠥᠯ᠎ᠡ᠂ ᠥᠭᠡᠷ᠎ᠡ ᠪᠣᠯ ᠰᠢᠭᠡᠭᠰᠡᠨ ᠪᠤᠶᠤ ᠪᠠᠭᠠᠭᠰᠠᠨ᠃ ᠪᠤᠰᠤᠳ ᠰᠢᠯᠲᠠᠭᠠᠨ ᠴᠥᠭᠡᠨ ᠲᠣᠬᠢᠶᠠᠯᠳᠤᠨ᠎ᠠ᠃ ᠬᠡᠦᠬᠡᠳ ᠢ ᠰᠠᠶ᠋ᠢ ᠲᠥᠷᠥᠭᠰᠡᠨ ᠤ ᠳᠠᠷᠠᠭ᠎ᠠ ᠡᠳᠦᠷ ᠰᠥᠨᠢ ᠶᠢ ᠲᠣᠩᠭᠤᠷᠠᠭᠤᠯᠤᠨ ᠪᠠᠶᠢᠳᠠᠭ ᠢ ᠡᠳᠦᠷ ᠳᠤᠲᠠᠭᠤ ᠤᠨᠲᠠᠭᠤᠯᠵᠤ ᠰᠥᠨᠢ ᠰᠠᠶᠢᠨ ᠤᠨᠲᠠᠭᠤᠯᠤᠶ᠎ᠠ ᠭᠡᠪᠡᠯ ᠡᠴᠢᠭᠡ ᠡᠬᠡ ᠪᠣᠯᠣᠭᠰᠠᠳ ᠡᠷᠬᠡᠪᠰᠢ ᠠᠷᠭ᠎ᠠ ᠪᠣᠳᠣᠬᠤ ᠬᠡᠷᠡᠭᠲᠡᠢ᠃ ᠵᠣᠬᠢᠰᠲᠠᠢ ᠤᠬᠢᠯᠠᠬᠤ ᠨᠢ ᠬᠡᠦᠬᠡᠳ ᠤᠨ ᠥᠰᠦᠯᠲᠡ ᠳᠤ ᠠᠰᠢᠭᠲᠠᠢ ᠭᠡᠵᠤ ᠰᠢᠨᠵᠢᠯᠡᠬᠦ ᠤᠬᠠᠭᠠᠨ ᠤ ᠦᠢᠯᠡᠳᠦᠯᠭᠡ ᠭᠡᠷᠡᠴᠢᠯᠡᠳᠡᠭ᠃ ᠪᠠᠰᠠ ᠨᠢᠭᠡᠨ ᠠᠩᠬᠠᠷᠬᠤ ᠴᠢᠬᠤᠯᠠᠲᠠᠢ ᠵᠦᠢᠯ ᠭᠡᠪᠡᠯ ᠬᠡᠦᠬᠡᠳ ᠢ ᠡᠳᠦᠷ ᠤᠨ ᠬᠡᠳᠦ ᠤᠳᠠᠭ᠎ᠠ ᠪᠡᠶ᠎ᠡ ᠶᠢ ᠨᠢ ᠡᠮᠴᠢ ᠰᠤᠪᠢᠯᠠᠭᠴᠢ ᠶᠢᠨ ᠵᠢᠭᠠᠨ ᠰᠤᠷᠭᠠᠯᠲᠠ ᠳᠣᠣᠷ᠎ᠠ ᠡᠷᠬᠡᠪᠰᠢ ᠢᠯᠢᠨ ᠨᠤᠬᠤᠯᠠᠵᠤ ᠥᠭᠬᠦ ᠬᠡᠷᠡᠭᠲᠡᠢ᠃ ᠡᠳᠦᠷ ᠪᠦᠷᠢ ᠢᠯᠢᠵᠦ ᠨᠤᠬᠤᠯᠠᠬᠤ ᠨᠢ ᠬᠠᠷᠢᠨ ᠬᠡᠦᠬᠡᠳ ᠢ ᠣᠷᠣᠯᠠᠵᠤ ᠲᠠᠮᠢᠷ ᠬᠢᠵᠦ ᠪᠠᠶᠢᠬᠤ ᠲᠠᠢ ᠠᠳᠠᠯᠢ ᠪᠥᠭᠡᠳ ᠳᠣᠲᠣᠷ᠎ᠠ ᠡᠷᠬᠡᠲᠡᠨ ᠤ ᠥᠰᠦᠯᠲᠡ᠂ ︽ᠪᠡᠶ᠎ᠡ ᠮᠠᠬᠠᠪᠤᠳ ᠤᠨ ᠬᠦᠷᠦᠯᠴᠡᠭᠡ︾ ᠳᠠᠪᠲᠠᠭᠳᠠᠵᠤ᠂ ᠬᠡᠦᠬᠡᠳ ᠲᠤ ᠨᠢᠭᠡ ᠵᠦᠢᠯ ᠤᠨ ᠶᠠᠭᠤ ᠪᠠᠷ ᠴᠦ ᠰᠣᠯᠢᠵᠤ ᠪᠣᠯᠳᠠᠭ ᠦᠭᠡᠢ ︽ᠠᠮᠤᠷ ᠲᠦᠪᠰᠢᠨ ᠤ ᠰᠡᠷᠡᠭᠳᠡᠯ︾ ᠣᠯᠭᠤᠳᠠᠭ᠂ ᠡᠶᠢᠮᠦ ᠠᠴᠠ ᠡᠳᠦᠷ ᠪᠦᠷᠢ ᠶᠢᠨ ᠢᠯᠢᠵᠦ ᠨᠤᠬᠤᠯᠠᠬᠤ ᠶᠠᠪᠤᠳᠠᠯ ᠢ ᠣᠮᠲᠣᠭᠠᠶᠢᠯᠠᠵᠤ ᠪᠣᠯᠬᠤ ᠦᠭᠡᠢ᠃     0-3 ᠨᠠᠰᠤᠨ ᠤ ᠦᠶ᠎ᠡ ᠪᠣᠯ ᠬᠡᠦᠬᠡᠳ ᠤᠨ ᠬᠠᠮᠤᠭ ᠤᠨ ᠴᠢᠬᠤᠯᠠ ᠰᠢᠵᠢᠷ ᠠᠯᠲᠠᠨ ᠴᠠᠭ ᠦᠶ᠎ᠡ ᠪᠣᠯᠣᠨ᠎ᠠ᠃ ᠡᠨᠡ ᠦᠶ᠎ᠡ ᠳᠤ ᠡᠩ ᠲᠡᠷᠢᠭᠦᠨ ᠳᠤ ᠡᠳᠦᠷ ᠪᠦᠷᠢ ᠲᠠᠰᠤᠷᠠᠯᠲᠠ ᠦᠭᠡᠢ ᠦᠯᠢᠭᠡᠷ ᠶᠠᠷᠢᠵᠤ ᠥᠭᠬᠦ ᠪᠤᠶᠤ ᠬᠡᠦᠬᠡᠳ ᠲᠠᠢ ᠲᠣᠮᠣ ᠬᠥᠮᠥᠨ ᠲᠠᠢ ᠵᠣᠭᠤᠭᠳᠠᠵᠤ ᠪᠠᠶᠢᠭ᠎ᠠ ᠰᠢᠭ᠋ ᠣᠯᠠᠨ ᠠᠷᠪᠢᠨ ᠵᠣᠭᠤᠭ ᠬᠡᠯᠡᠬᠦ ᠬᠡᠷᠡᠭᠲᠡᠢ᠃ ᠡᠭᠦᠨ ᠢ ᠪᠠᠰᠠ ︽ᠥᠯᠥ ᠮᠡᠳᠡᠭᠳᠡᠮ᠎ᠡ ᠪᠠᠷ ᠬᠤᠪᠢᠰᠬᠠᠬᠤ︾ ᠭᠡᠵᠤ ᠬᠡᠯᠡᠵᠦ ᠪᠠᠶᠢᠳᠠᠭ᠃ ᠲᠠᠨ ᠤ ᠶᠠᠷᠢᠭᠰᠠᠨ ᠬᠡᠳᠦᠨ ᠲᠦᠮᠡᠨ ᠦᠭᠡ ᠠᠴᠠ ᠬᠡᠦᠬᠡᠳ ᠬᠠᠷᠢᠨ ᠨᠢᠭᠡ ᠬᠤᠶᠠᠷ ᠢ ᠨᠢ ᠴᠡᠭᠡᠵᠢᠯᠡᠨ ᠲᠣᠭᠲᠠᠭᠠᠭᠰᠠᠨ ᠪᠠᠶᠢᠪᠠᠯ ᠬᠡᠦᠬᠡᠳ ᠤᠨ ᠬᠡᠯᠡᠨ ᠤ ᠮᠡᠳᠡᠷᠡᠮᠵᠢ ᠳᠤ ᠨᠢ ᠰᠠᠩ ᠰᠠᠭᠤᠵᠤ ᠳᠠᠷᠠᠭ᠎ᠠ ᠠᠯᠬᠤᠮ ᠤᠨ ᠦᠭᠡ ᠬᠡᠯᠡᠬᠦ ᠳᠤ ᠨᠢ ᠲᠤᠰᠠᠯᠠᠮᠵᠢ ᠪᠣᠯᠵᠤ ᠮᠡᠳᠡᠨ᠎ᠡ᠃ ᠡᠨᠡ ᠨᠢ ᠬᠠᠷᠢᠨ ᠡᠷᠳᠡᠮᠲᠡᠳ ᠤᠨ ᠶᠠᠷᠢᠳᠠᠭ ︽ᠡᠬᠡ ᠶᠢᠨ ᠬᠡᠪᠡᠯᠢ ᠳᠠᠬᠢ ᠰᠣᠷᠭᠠᠨ ᠬᠥᠮᠥᠵᠢᠯ︾ ᠤᠨ ᠦᠷᠭᠦᠯᠵᠢᠯᠡᠯ ᠪᠤᠶᠤ ᠵᠠᠯᠭᠠᠯᠲᠠ ᠪᠣᠯᠵᠤ ᠴᠢᠳᠠᠨ᠎ᠠ᠃      0-3 ᠨᠠᠰᠤᠨ ᠤ ᠬᠡᠦᠬᠡᠳ ᠤᠨ ᠤᠬᠢᠯᠠᠬᠤ ᠨᠢ ᠶᠠᠮᠠᠷ ᠨᠢᠭᠡᠨ ᠵᠣᠷᠢᠯᠭ᠎ᠠ ᠳᠤ ᠪᠠᠨ ᠬᠦᠷᠬᠦ ᠶᠢᠨ ᠲᠥᠯᠥᠭᠡ ᠶᠢ ᠭᠡᠷ ᠤᠨ ᠠᠬᠠᠮᠠᠳ ᠪᠣᠯᠣᠭᠰᠠᠳ ᠳᠡᠭᠡᠳᠦ ᠬᠡᠮᠵᠢᠶᠡᠨ ᠤ ᠬᠠᠷᠢᠭᠤᠴᠠᠯᠭᠠᠲᠤ ᠣᠪᠣᠷ ᠢᠶᠠᠷ ᠭᠤᠣᠯᠴᠢ ᠲᠥᠪ ᠢᠶᠠᠷ ᠬᠠᠮᠵᠢᠯᠴᠠᠬᠤ ᠬᠡᠷᠡᠭᠲᠡᠢ᠃ ᠭᠡᠬᠦ ᠳᠤ ᠦᠢᠯᠡᠳᠦᠯᠭᠡ ᠭᠡᠷᠡᠴᠢᠯᠡᠭᠰᠡᠨ ᠢ ᠦᠵᠡᠪᠡᠯ ᠡᠴᠢᠭᠡ ᠬᠥᠮᠥᠨ ᠬᠦᠢᠲᠡᠨ ᠴᠢᠷᠠᠶᠢᠯᠠᠵᠤ᠂ ᠡᠬᠡ ᠬᠥᠮᠥᠨ ᠵᠥᠭᠡᠯᠡᠨ ᠬᠠᠷᠠᠴᠠ ᠲᠠᠢ ᠪᠠᠶᠢᠬᠤ ᠪᠣᠯ ᠬᠠᠮᠤᠭ ᠤᠨ ᠰᠠᠶᠢᠨ ᠠᠷᠭ᠎ᠠ ᠪᠣᠯᠣᠨ᠎ᠠ᠃ ︽ᠬᠥᠷᠪᠡᠵᠦ ᠴᠢᠳᠠᠳᠠᠭ ᠬᠡᠦᠬᠡᠳ ᠲᠤ ᠬᠥᠨᠵᠢᠯᠡ ᠬᠤᠴᠢᠵᠤ ᠥᠭᠬᠦ ᠬᠡᠷᠡᠭ ᠦᠭᠡᠢ︾ ᠭᠡᠳᠡᠭ ᠦᠭᠡ ᠪᠠᠶᠢᠳᠠᠭ᠃ ᠵᠠᠷᠢᠮ ᠭᠡᠷ ᠤᠨ ᠠᠬᠠᠮᠠᠳ ᠬᠡᠦᠬᠡᠳ ᠨᠢ ᠬᠥᠨᠵᠢᠯᠡ ᠬᠤᠴᠢᠯᠭ᠎ᠠ ᠪᠠᠨ ᠢᠰᠬᠦᠯᠵᠦ ᠶᠠᠪᠤᠭᠤᠯᠪᠠᠯ ᠰᠥᠨᠢᠵᠢᠨ ᠮᠠᠨᠠᠭᠠᠳ ᠬᠤᠴᠢᠵᠤ ᠥᠭᠭᠦᠭᠡᠳ ᠥᠷᠯᠥᠭᠡ ᠬᠡᠳᠦ ᠶᠠᠳᠠᠷᠠᠭᠠᠳ ᠰᠡᠷᠡᠬᠦ ᠳᠤ ᠬᠠᠷᠢᠨ ᠬᠡᠦᠬᠡᠳ ᠨᠢ ᠪᠠᠰᠠ ᠯᠡ ᠬᠥᠨᠵᠢᠯᠡ ᠬᠤᠴᠢᠯᠭ᠎ᠠ ᠪᠠᠨ ᠢᠰᠬᠦᠯᠦᠭᠡᠳ ᠨᠢᠴᠦᠭᠦᠨ ᠤᠨᠲᠠᠵᠤ ᠪᠠᠶᠢᠭ᠎ᠠ ᠵᠢᠱᠢᠶ᠎ᠡ ᠵᠥᠩᠳᠡᠭᠡᠨ᠃ ᠦᠨᠡᠨ ᠳᠡᠭᠡᠨ ᠬᠡᠦᠬᠡᠳ ᠬᠠᠯᠠᠬᠤ ᠳᠠᠭᠠᠨ ᠰᠠᠶ᠋ᠢ ᠢᠰᠬᠦᠯᠵᠦ ᠪᠠᠶᠢᠨ᠎ᠠ᠂ ᠬᠡᠷᠪᠡ ᠬᠦᠢᠲᠡᠨ ᠪᠠᠶᠢᠭᠰᠠᠨ ᠪᠣᠯ ᠨᠣᠮᠣᠬᠠᠨ ᠢᠶᠠᠷ ᠰᠠᠶᠢᠬᠠᠨ ᠤᠨᠲᠠᠳᠠᠭ᠃ ᠡᠶᠢᠮᠦ ᠠᠴᠠ ᠬᠠᠵᠠᠭᠤ ᠬᠥᠨᠵᠢᠯᠡ ᠬᠤᠴᠢᠯᠭ᠎ᠠ ᠲᠠᠯᠪᠢᠨ ᠥᠭᠭᠦᠭᠡᠳ ᠵᠠᠬ᠎ᠠ ᠳᠤᠨᠢ ᠤᠨᠲᠠᠵᠤ ᠠᠮᠠᠷᠠᠬᠤ ᠪᠣᠯ ᠬᠡᠦᠬᠡᠳ ᠢ ᠪᠠᠭ᠎ᠠ ᠠᠴᠠ ᠨᠢ ᠬᠥᠮᠥᠵᠢᠭᠦᠯᠦᠨ ᠦᠢᠯᠡᠳᠦᠯᠭᠡ ᠳᠤ ᠣᠷᠣᠯᠴᠠᠭᠤᠯᠤᠨ ︽ᠥᠪᠡᠷ ᠤᠨ ᠤᠴᠢᠷ ᠢᠶᠠᠨ ᠥᠪᠡᠷ ᠢᠶᠠᠨ ᠬᠢᠬᠦ︾ ᠶᠢᠨ ᠡᠬᠢᠯᠡᠯᠲᠡ ᠭᠡᠵᠤ ᠦᠵᠡᠵᠦ ᠪᠣᠯᠤᠨ᠎ᠠ᠃ ᠮᠥᠯᠬᠦᠵᠦ ᠠᠯᠬᠤᠬᠤ ᠶᠢ ᠥᠭᠡᠷ᠎ᠡ ᠬᠥᠮᠥᠨ ᠣᠷᠣᠯᠠᠨ ᠭᠦᠢᠴᠡᠳᠬᠡᠵᠦ ᠪᠣᠯᠳᠠᠭ ᠦᠭᠡᠢ ᠲᠠᠢ ᠠᠳᠠᠯᠢ ᠪᠠᠷ᠂ ᠭᠡᠷ ᠤᠨ ᠠᠬᠠᠮᠠᠳ ᠠᠴᠠ ᠬᠡᠦᠬᠡᠳ ᠤᠨ ᠪᠠᠭ᠎ᠠ ᠠᠴᠠ  ᠨᠢ ᠠᠵᠢᠯ ᠪᠦᠬᠦᠨ ᠢ ᠨᠢ ᠭᠠᠷᠳᠠᠨ᠂ ᠡᠵᠡᠨ ᠮᠡᠳᠡᠨ ᠣᠷᠣᠯᠠᠨ ᠬᠢᠬᠦ ᠶᠢ ᠡᠷᠡᠰ ᠲᠡᠪᠴᠢᠵᠦ ᠦᠵᠡᠪᠡᠯ ᠣᠯᠠᠩᠬᠢ ᠵᠦᠢᠯ ᠠᠮᠠᠷᠬᠠᠨ ᠰᠢᠢᠳᠪᠦᠷᠢᠯᠡᠭᠳᠡᠨ᠎ᠡ᠃ ᠪᠠᠭ᠎ᠠ ᠬᠡᠦᠬᠡᠳ ᠤᠨ ᠪᠡᠶ᠎ᠡ ᠶᠢ ᠤᠬᠢᠶᠠᠬᠤ ᠦᠶ᠎ᠡ ᠳᠤ ᠬᠡᠦᠬᠡᠳ ᠲᠠᠢ ᠤᠰᠤ ᠬᠠᠮᠵᠢᠯᠴᠠᠨ ᠳᠠᠮᠨᠠᠪᠠᠯ ᠬᠡᠦᠬᠡᠳ ᠪᠡᠶ᠎ᠡ ᠪᠠᠷ ᠢᠶᠠᠨ ᠦᠢᠯᠡᠳᠦᠯᠭᠡ ᠳᠤ ᠣᠷᠣᠯᠴᠠᠵᠤ ᠪᠠᠶᠢᠨ᠎ᠠ ᠭᠡᠰᠡᠨ ᠥᠪᠡᠷ ᠢ ᠪᠠᠨ ᠢᠲᠡᠭᠡᠬᠦ ᠤᠷᠮ᠎ᠠ ᠵᠣᠷᠢᠭ ᠨᠢ ᠨᠡᠮᠡᠭᠳᠡᠳᠡᠭ᠃ ᠡᠨᠡ ᠨᠢ ᠶᠠᠭ ᠡᠷᠲᠡᠨ ᠤ ᠮᠡᠷᠭᠡᠳ ᠤᠨ ᠦᠭᠡᠨ ᠳᠠᠬᠢ ︽ᠡᠵᠢ ᠳᠤ ᠴᠦ ᠪᠠᠢ᠂ ᠠᠪᠤ ᠳᠤ ᠴᠦ ᠪᠠᠢ — ᠥᠪᠡᠷ ᠤᠨ ᠪᠡᠶ᠎ᠡ ᠳᠤ ᠪᠠᠶᠢᠬᠤ ᠶᠢ ᠬᠦᠷᠬᠦ ᠦᠭᠡᠢ︾ ᠭᠡᠳᠡᠭ ᠦᠭᠡ ᠪᠣᠯ ᠶᠡᠭᠡ ᠰᠢᠨᠵᠢᠯᠡᠬᠦ ᠤᠬᠠᠭᠠᠨ ᠤ ᠡᠰᠢ ᠪᠠᠷᠢᠮᠲᠠ ᠲᠠᠢ ᠦᠭᠡ ᠪᠣᠯᠣᠨ᠎ᠠ᠃ ᠪᠠᠭ᠎ᠠ ᠬᠡᠦᠬᠡᠳ ᠤᠰᠤ ᠪᠠᠷ ᠨᠠᠭᠠᠳᠬᠤ ᠳᠤᠷ᠎ᠠ ᠲᠠᠢ ᠪᠠᠶᠢᠳᠠᠭ᠃ ᠡᠨᠡ ᠦᠶ᠎ᠡ ᠳᠤ ᠰᠠᠨᠠᠭᠠᠴᠢᠯᠠᠭ᠎ᠠ ᠲᠠᠢ ᠪᠠᠷ ᠠᠯᠴᠢᠭᠤᠷ ᠡᠨᠡ ᠲᠡᠷᠡ ᠶᠢ ᠤᠰᠤᠨ ᠳᠤ ᠨᠢ ᠬᠢᠵᠦ ᠲᠡᠳᠡᠨ ᠤ ᠪᠡᠶ᠎ᠡ ᠪᠠᠷ ᠨᠢ ᠤᠬᠢᠶᠠᠯᠭᠠᠪᠠᠯ ᠬᠤᠪᠴᠠᠰᠤ ᠬᠤᠨᠠᠷ ᠤᠬᠢᠶᠠᠬᠤ ᠦᠢᠯᠡᠳᠦᠯᠭᠡ ᠳᠤ ᠠᠩᠬ᠎ᠠ ᠣᠷᠣᠯᠴᠠᠬᠤ ᠳᠤᠷ᠎ᠠ ᠪᠠᠬ᠎ᠠ ᠲᠠᠢ ᠪᠣᠯᠵᠤ᠂ ᠠᠵᠢᠯ ᠬᠢᠬᠦ ᠳᠤᠷ᠎ᠠ ᠲᠠᠢ ᠴᠦ ᠪᠣᠯᠣᠨ᠎ᠠ᠃ ᠬᠡᠦᠬᠡᠳ ᠤᠨ ᠡᠶᠢᠮᠦᠷᠬᠦᠦ ᠦᠢᠯᠡᠳᠦᠯᠭᠡ ᠳᠤ ᠣᠷᠣᠯᠴᠠᠭᠰᠠᠨ ᠦᠶ᠎ᠡ ᠳᠤ ᠵᠣᠬᠢᠰᠲᠠᠢ ᠮᠠᠭᠲᠠᠭᠠᠯ ᠰᠠᠶᠢᠰᠢᠶᠠᠯ ᠢ ᠳᠠᠭᠠᠯᠳᠤᠭᠤᠯᠪᠠᠯ ᠬᠡᠦᠬᠡᠳ ᠤᠨ ᠪᠡᠶ᠎ᠡ ᠪᠠᠨ ᠢᠲᠡᠭᠡᠬᠦ ᠤᠷᠮᠠᠰᠢᠯ ᠢ ᠳᠠᠶᠢᠴᠢᠯᠠᠭᠳᠠᠵᠤ ᠤᠯᠠᠮ ᠵᠣᠷᠢᠭᠲᠠᠢ ᠪᠣᠯᠣᠨ᠎ᠠ᠃ ︽ᠡᠬᠡ ᠪᠠᠨ ᠠᠯᠳᠠᠭᠰᠠᠨ ᠥᠨᠥᠴᠢᠨ ᠴᠠᠭᠠᠨ ᠪᠣᠲᠣᠭᠤ ᠶᠢ ᠪᠠᠨ ᠡᠨᠡᠷᠢᠵᠦ ᠪᠠᠶᠢᠭᠰᠠᠭᠠᠷ ᠨᠢᠯᠪᠤᠰᠤ ᠤᠨᠠᠭᠠᠳᠠᠭ ᠵᠥᠭᠡᠯᠡᠨ ᠵᠠᠩ ᠲᠠᠢ ᠮᠣᠩᠭᠤᠯᠴᠤᠳ︾ ︽ᠲᠤᠶᠢᠭ ᠤᠨ ᠳᠠᠭᠤᠤ︾ ᠪᠠᠷ ᠢᠶᠠᠨ ᠮᠣᠷᠢᠨ ᠬᠤᠭᠤᠷ ᠤᠨ ᠢᠶᠠᠨ ᠲᠡᠭᠷᠢᠯᠢᠭ ᠠᠶᠠᠯᠭᠤ ᠳᠤ ᠪᠠᠨ ᠰᠢᠲᠦᠨ ᠭᠤᠯᠣᠭᠰᠠᠨ ᠡᠬᠡ ᠶᠢᠨ ᠬᠠᠲᠠᠭᠤ ᠰᠡᠳᠬᠢᠯ ᠢ ᠤᠶᠠᠷᠠᠭᠤᠯᠵᠤ᠂ ᠭᠤᠯᠣᠭᠳᠠᠭᠰᠠᠨ ᠲᠥᠯ ᠤᠨ ᠰᠢᠷᠠᠭᠳᠠᠭᠰᠠᠨ ᠰᠡᠳᠬᠢᠯ ᠢ ᠠᠨᠠᠭᠠᠵᠤ ᠴᠢᠳᠠᠳᠠᠭ ᠮᠣᠩᠭᠤᠯ ᠡᠬᠡ ᠶᠢᠨ ᠰᠠᠨᠠᠭ᠎ᠠ ᠪᠣᠳᠣᠯ ᠥᠪᠡᠷ ᠤᠨ ᠲᠥᠷᠥᠭᠰᠡᠨ ᠬᠡᠦᠬᠡᠳ ᠢᠶᠠᠨ ᠮᠣᠩᠭᠤᠯ ᠬᠡᠯᠡ ᠲᠠᠢ ᠪᠣᠯᠭᠠᠬᠤ ᠲᠡᠭᠷᠢᠯᠢᠭ ᠰᠠᠨᠠᠭ᠎ᠠ ᠤᠷᠭᠤᠬᠤ ᠦᠭᠡᠢ ᠭᠡᠳᠡᠭ ᠢ ᠮᠣᠩᠭᠤᠯ ᠬᠥᠮᠥᠨ ᠢᠲᠡᠭᠡᠮᠡᠷ ᠦᠭᠡᠢ᠃ ︽ᠳᠡᠪᠡᠯ ᠤᠨ ᠵᠠᠭᠠᠮ᠎ᠠ ᠨᠢ ᠬᠠᠮᠢᠭᠠᠰᠢ ᠪᠠᠨ ᠪᠣᠯ ᠳᠥᠷᠪᠡᠨ ᠬᠤᠷᠮᠣᠢ ᠲᠡᠶᠢᠰᠢ ᠪᠠᠨ︾ ᠭᠡᠳᠡᠭᠴᠢᠯᠡᠨ ᠭᠡᠷ ᠤᠨ ᠠᠬᠠᠮᠠᠳ ᠪᠣᠯᠣᠭᠰᠠᠳ ᠪᠦᠬᠦᠨ ᠥᠪᠡᠷ ᠤᠨ ᠬᠡᠦᠬᠡᠳ ᠲᠤ ᠪᠠᠨ ᠠᠯᠢᠪᠠ ᠪᠠᠨ ᠵᠣᠷᠢᠭᠤᠯᠤᠨ᠎ᠠ ᠭᠡᠵᠤ ᠬᠦᠰᠡᠳᠡᠭ᠃ ᠭᠡᠬᠦ ᠳᠤ ᠪᠠᠨ ᠵᠠᠷᠢᠮ ᠭᠡᠷ ᠤᠨ ᠠᠬᠠᠮᠠᠳ ᠬᠡᠦᠬᠡᠳ ᠤᠨ ᠨᠠᠰᠤᠨ ᠤ ᠠᠮᠠᠷᠬᠠᠨ ᠮᠠᠷᠲᠠᠳᠠᠭ᠂ ᠠᠮᠠᠷᠬᠠᠨ ᠪᠠᠶᠠᠷᠯᠠᠳᠠᠭ ᠵᠠᠩ ᠤᠨ ᠠᠮᠠᠷᠬᠠᠨ ᠮᠠᠷᠲᠠᠳᠠᠭ ᠢ ᠨᠢ ᠣᠮᠲᠣᠭᠠᠶᠢᠯᠠᠨ ᠠᠮᠠᠷᠬᠠᠨ ᠪᠠᠶᠠᠷᠯᠠᠳᠠᠭ ᠨᠢ ᠴᠦ ᠬᠥᠩᠭᠡᠪᠴᠢᠯᠡᠳᠡᠭ᠃ ᠴᠢᠬᠢ ᠶᠢ ᠨᠢ ᠴᠣᠭᠤᠷᠠᠲᠠᠯ᠎ᠠ ᠬᠡᠯᠡᠵᠦ ᠪᠠᠶᠢᠭᠠᠳ ᠪᠠᠰᠠ ᠮᠡᠳᠡᠬᠦ ᠦᠭᠡᠢ ᠪᠠᠶᠢᠬᠤ ᠳᠤ ᠨᠢᠭᠡ ᠬᠤᠶᠠᠷ ᠬᠡᠯᠡᠭᠡᠳ ᠮᠡᠳᠡᠴᠢᠬᠡᠪᠡᠯ ᠬᠠᠷᠢᠨ ᠬᠡᠦᠬᠡᠳ ᠪᠢᠰᠢ ᠪᠣᠯᠴᠢᠬᠠᠨ᠎ᠠ ᠰᠢᠦ᠃ ᠶᠡᠷᠦ ᠶᠢᠨ ᠦᠭᠡᠨ ᠳᠤ ︽ᠨᠢᠭᠡ ᠭᠡᠨᠡᠳᠡᠪᠡᠯ ᠨᠢᠭᠡ ᠤᠬᠠᠭᠠᠷᠠᠨ᠎ᠠ︾ ᠭᠡᠳᠡᠭ ᠰᠢᠦ᠃ ᠡᠨᠡ ᠨᠢ ᠬᠠᠷᠢᠨ ᠴᠢᠨ᠋ᠸ᠎ᠠ ᠪᠠᠶᠢᠳᠠᠭ ᠭᠠᠵᠠᠷ ᠤᠨ ᠬᠤᠨᠢ ᠢᠮᠠᠭ᠎ᠠ ᠬᠦᠴᠦ ᠲᠠᠷᠭᠤ ᠲᠠᠢ ᠪᠠᠶᠢᠳᠠᠭ ᠤᠨ ᠰᠢᠯᠲᠠᠭᠠᠨ ᠪᠠᠶᠢᠵᠤ ᠮᠡᠳᠡᠨ᠎ᠡ᠃       ᠡᠶᠢᠮᠦ ᠠᠴᠠ ᠬᠡᠦᠬᠡᠳ ᠲᠤ ᠵᠣᠬᠢᠬᠤ ᠬᠡᠮᠵᠢᠶᠡᠨ ᠤ ᠬᠦᠴᠢᠷ ᠪᠡᠷᠬᠡ ᠶᠢᠨ ᠪᠣᠯᠪᠠᠰᠤᠷᠠᠯ ᠬᠡᠷᠡᠭᠲᠡᠢ ᠭᠡᠵᠤ ᠪᠢ ᠥᠪᠡᠷ ᠲᠤ ᠪᠠᠨ ᠪᠣᠳᠣᠳᠠᠭ᠃ ᠬᠥᠳᠡᠭᠡ ᠭᠡᠷ  ᠲᠠᠢ ᠨᠥᠬᠦᠴᠡᠯ ᠲᠠᠢ ᠭᠡᠷ ᠪᠦᠯᠢ ᠶᠢᠨ ᠪᠣᠯ ᠬᠡᠦᠬᠡᠳ ᠢᠶᠠᠨ ᠡᠪᠦᠯ ᠵᠣᠨ ᠤ ᠠᠮᠠᠷᠠᠯᠲᠠ ᠳᠤ ᠬᠥᠳᠡᠭᠡ ᠬᠠᠷᠢᠭᠤᠯᠵᠤ ᠨᠢᠭᠡ ᠳᠤ ᠭᠡᠷ ᠤᠨ ᠰᠠᠨᠠᠬᠤ ᠰᠡᠷᠡᠭᠳᠡᠯ ᠢ ᠨᠢ ᠬᠥᠮᠥᠵᠢᠭᠦᠯᠦᠨ ᠨᠥᠭᠦᠭᠡ ᠳᠤ ᠢᠯᠠᠭ᠎ᠠ ᠪᠠᠲᠠᠭᠠᠨ᠎ᠠ ᠳᠤ ᠬᠠᠵᠠᠭᠤᠯᠤᠨ᠂ ᠲᠠᠪᠤᠨ ᠬᠤᠰᠢᠭᠤ ᠮᠠᠯ᠂ ᠬᠤᠷᠣᠬᠠᠢ ᠰᠢᠪᠠᠵᠢ ᠶᠢ ᠲᠠᠨᠢᠭᠤᠯᠤᠨ ᠥᠪᠡᠷ ᠤᠨ ᠪᠡᠶ᠎ᠡ ᠪᠠᠨ ᠬᠠᠮᠠᠭᠠᠯᠠᠬᠤ᠂ ᠥᠪᠡᠷ ᠤᠨ ᠪᠡᠶ᠎ᠡ ᠪᠠᠨ ᠪᠤᠰᠤᠳ ᠢᠶᠠᠷ ᠰᠠᠨᠠᠭᠤᠯᠬᠤ ᠠᠷᠭ᠎ᠠ ᠤᠬᠠᠭᠠᠨ ᠢ ᠰᠤᠷᠭᠠᠪᠠᠯ ᠬᠠᠷᠢᠵᠤ ᠢᠷᠠᠪᠠᠯ ᠠᠪᠤ ᠡᠵᠢ ᠭᠡᠳᠡᠭ ᠣᠶᠢᠯᠠᠭᠠᠯᠲᠠ ᠨᠡᠮᠡᠭᠳᠡᠬᠦ ᠶᠢ ᠦᠢᠯᠡᠳᠦᠯᠭᠡ ᠭᠡᠷᠡᠴᠢᠯᠡᠵᠦ ᠪᠠᠶᠢᠨ᠎ᠠ᠃ ᠡᠶᠢᠮᠦ ᠪᠠᠷ ᠢᠶᠠᠨ ᠭᠠᠳᠠᠭᠠᠳᠤ ᠶᠢᠨ ᠭᠡᠷ ᠤᠨ ᠠᠬᠠᠮᠠᠳ ᠬᠡᠦᠬᠡᠳ ᠢ 18 ᠬᠦᠷᠪᠡᠯ ᠭᠡᠷ ᠠᠴᠠ ᠪᠠᠨ ᠬᠥᠭᠡᠭᠡᠵᠦ ᠭᠠᠷᠭᠠᠳᠠᠭ ᠤᠨ ᠵᠢᠮ᠎ᠡ ᠶᠣᠰᠣ ᠡᠨᠡ ᠪᠢᠯᠡ᠃ ᠬᠡᠷᠪᠡ ᠡᠶᠢᠮᠦ ᠠᠮᠢᠳᠤᠷᠠᠯ ᠤᠨ ᠰᠠᠭᠤᠷᠢ ᠲᠠᠢ ᠪᠣᠯᠴᠢᠬᠠᠪᠠᠯ ᠬᠡᠯᠡ ᠰᠡᠳᠬᠢᠬᠦᠢ ᠶᠢᠨ ᠲᠠᠯ᠎ᠠ ᠪᠠᠷ ᠨᠡᠯᠢᠶᠡᠳ ᠰᠠᠭᠤᠷᠢ ᠲᠠᠢ ᠪᠣᠯᠣᠨ᠂ ᠬᠡᠯᠡᠵᠦ ᠶᠠᠷᠢᠬᠤ᠂ ᠣᠶᠢᠯᠠᠭᠠᠬᠤ ᠰᠡᠷᠡᠬᠦ ᠴᠢᠳᠠᠪᠤᠷᠢ ᠴᠦ ᠣᠯᠠᠨ ᠠᠴᠠ ᠳᠤᠲᠠᠭᠤ ᠦᠭᠡᠢ ᠪᠣᠯᠬᠤ ᠲᠤᠯᠠ ᠰᠤᠷᠬᠤ ᠳᠤ ᠬᠦᠴᠢᠷ ᠲᠤᠯᠭᠠᠷᠠᠬᠤ ᠨᠢ ᠬᠠᠷᠢᠴᠠᠩᠭᠤᠢ ᠪᠠᠭ᠎ᠠ ᠰᠢᠭ᠋ ᠪᠣᠯᠬᠤ ᠪᠣᠯᠣᠨ᠎ᠠ᠃ ᠪᠠᠰᠠ ᠨᠢᠭᠡ ᠠᠩᠬᠠᠷᠬᠤ ᠴᠢᠬᠤᠯᠠ ᠲᠠᠢ ᠵᠦᠢᠯ ᠭᠡᠪᠡᠯ ︽ᠲᠣᠭᠠᠨ ᠳᠤ ᠪᠠᠰᠠ ᠨᠢᠭᠡ ᠬᠡᠮᠵᠢᠶ᠎ᠡ ᠪᠠᠶᠢᠳᠠᠭ᠂ ᠲᠣᠰᠣᠨ ᠯᠣᠩᠬᠤᠨ ᠳᠤ ᠪᠠᠰᠠ ᠨᠢᠭᠡ ᠠᠮᠠᠰᠠᠷ ᠪᠠᠶᠢᠳᠠᠭ︾ ᠭᠡᠳᠡᠭᠴᠢᠯᠡᠨ ᠮᠠᠭᠲᠠᠭᠠᠯ ᠰᠠᠶᠢᠰᠢᠶᠠᠯ ᠢ ᠬᠡᠮᠵᠢᠶᠡᠨ ᠠᠴᠠ ᠨᠢ ᠬᠡᠲᠦᠷᠡᠭᠦᠯᠵᠦ ᠤᠭᠲᠤ ᠪᠣᠯᠬᠤ ᠦᠭᠡᠢ᠃ ᠡᠶᠢᠮᠦ ᠳᠤ ᠪᠠᠨ ᠮᠣᠩᠭᠤᠯ ᠤᠨ ᠵᠦᠢᠷ ᠰᠡᠴᠡᠨ ᠦᠭᠡᠨ ᠳᠤ ︽ᠡᠷᠬᠡ ᠶᠢᠨ ᠰᠤᠷᠬᠤ ᠪᠠᠷ ᠪᠡᠷᠬᠡ ᠶᠢ ᠰᠣᠷ︾ ᠭᠡᠰᠡᠨ ᠦᠭᠡ ᠪᠣᠯ ᠣᠷᠣ ᠲᠠᠢ ᠰᠢᠦ᠃ ᠮᠣᠩᠭᠤᠯ ᠬᠥᠮᠥᠨ ᠪᠣᠯ ᠳᠡᠯᠡᠬᠡᠢ ᠳᠡᠭᠡᠷ᠎ᠡ ᠬᠠᠮᠤᠭ ᠤᠨ ᠣᠯᠠᠨ ᠮᠡᠨᠳᠦᠴᠢᠯᠡᠯ  ᠲᠠᠢ ᠦᠨᠳᠦᠰᠦᠲᠡᠨ᠃ ᠡᠶᠢᠮᠦ ᠪᠠᠷ ᠢᠶᠠᠨ ᠬᠡᠦᠬᠡᠳ ᠢ ᠶᠣᠰᠣ ᠨᠣᠮ ᠲᠠᠢ ᠰᠤᠷᠭᠠᠬᠤ ᠨᠢ ᠡᠴᠢᠭᠡ ᠡᠬᠡ ᠪᠣᠯᠣᠭᠰᠠᠳ ᠤᠨ ᠳᠠᠷᠬᠠᠨ ᠡᠭᠦᠷᠭᠡ ᠬᠠᠷᠢᠭᠤᠴᠠᠯᠭ᠎ᠠ ᠪᠤᠶᠤ᠃ ᠬᠡᠪᠡᠯᠢ ᠠᠴᠠ ᠪᠠᠨ ᠤᠨᠠᠭᠰᠠᠨ ᠬᠡᠦᠬᠡᠳ ᠲᠤ ᠪᠠᠨ ᠠᠰ ᠤᠨ ᠡᠷᠳᠡᠮ ᠢᠶᠠᠨ ᠵᠢᠭᠠᠵᠤ ᠥᠭᠭᠦᠶ᠎ᠡ᠂ ᠠᠭᠤᠤ ᠮᠣᠩᠭᠤᠯ ᠤᠨ ᠮᠢᠨᠢ ᠬᠥᠬᠡ ᠲᠤᠭ ᠨᠠᠮᠢᠷᠠᠨ ᠤᠯᠠᠯᠵᠠᠬᠤ ᠴᠠᠭ ᠲᠤ ᠭᠤᠯᠣᠮᠲᠠ ᠶᠢ ᠰᠠᠬᠢᠭᠰᠠᠨ ᠮᠣᠩᠭᠤᠯ ᠬᠡᠦᠬᠡᠳ ᠮᠢᠨᠢ ᠮᠣᠩᠭᠤᠯ ᠢᠶᠠᠷ ᠢᠶᠠᠨ ᠶᠠᠷᠢᠵᠤ᠂ ᠮᠣᠩᠭᠤᠯ ᠢᠶᠠᠷ ᠢᠶᠠᠨ ᠰᠡᠳᠬᠢᠵᠦ ᠂ ᠮᠣᠩᠭᠤᠯ ᠢᠶᠠᠷ ᠢᠶᠠᠨ ᠭᠤᠶᠤᠵᠤ ᠪᠠᠶᠢᠭ︕  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ