ᠮᠠᠨ ᠤ ᠮᠤᠩᠭᠤᠯᠴᠤᠤᠨ ᠪᠠᠶᠢᠭᠠᠯᠢ ᠤᠷᠴᠢᠨ ᠢᠶᠠᠨ ᠬᠠᠮᠠᠭᠠᠯᠠᠬᠤ ᠲᠠᠯ᠎ᠠ ᠪᠠᠷ ᠤᠯᠠᠨ ᠵᠠᠭᠤᠨ ᠵᠢᠯ ᠤᠨ ᠪᠠᠶᠠᠯᠢᠭ ᠳᠤᠷᠰᠢᠯᠭ᠎ᠠ ᠲᠠᠢ ᠮᠦᠷᠳᠡᠭᠡᠨ ᠰᠠᠶᠢᠬᠠᠨ | ᠤᠯᠠᠮᠵᠢᠯᠠᠯ ᠲᠠᠢ ᠪᠢᠯᠡ᠃ ᠡᠨᠡ ᠨᠢ ᠮᠠᠯᠴᠢᠨ ᠤᠳᠤᠮ ᠤᠨ ᠮᠤᠩᠭᠤᠯᠴᠤᠤᠨ ᠤᠨ ᠤᠷᠤᠰᠢᠵᠥ ᠠᠮᠢᠳᠤᠷᠠᠭᠰᠡᠨ ᠭᠠᠵᠡᠷ ᠨᠤᠳᠤᠭ᠂ ᠴᠠᠭ ᠠᠭᠤᠷ᠂ ᠮᠠᠯ ᠠᠵᠥ | ᠠᠬᠤᠢ ᠶᠢᠨ ᠤᠨᠴᠠᠯᠢᠭ᠂ ᠤᠶᠢᠯᠡᠳᠪᠦᠷᠢᠯᠡᠯ ᠠᠮᠢᠳᠤᠷᠡᠯ ᠤᠨ ᠳᠠᠳᠬᠠᠯ ᠲᠠᠢ ᠨᠢ ᠰᠠᠯᠤᠰᠢ ᠦᠬᠡᠢ ᠬᠤᠯᠪᠤᠭ᠎ᠠ ᠲᠠᠢ ᠪᠢᠯᠡ᠃ ᠡᠶᠢᠮᠦ ᠠᠴᠠ ᠪᠠᠶᠢᠭᠠᠯᠢ ᠪᠠᠨ | ᠬᠠᠮᠠᠭᠠᠯᠠᠬᠤ ᠨᠢᠬᠡ ᠦᠪᠡᠷᠮᠢᠴᠡ ᠬᠡᠯᠪᠡᠷᠢ ᠪᠤᠯ ᠡᠷᠳᠡ ᠲᠡᠭᠡᠳᠦ ᠦᠶ᠎ᠠ ᠠᠴᠠ ᠠᠭᠤᠯᠠ ᠤᠰᠥ᠂ ᠤᠢ ᠮᠤᠳᠤ ᠪᠠᠨ ᠤᠩᠭᠤᠯᠡᠨ ᠳᠠᠷᠬᠠᠯᠡᠵᠥ ᠳᠠᠬᠢᠵᠥ ᠢᠷᠡᠭᠰᠡᠨ | ᠶᠠᠪᠤᠳᠠᠯ ᠪᠤᠯᠬᠤ ᠶᠤᠮ᠃ ᠲᠤᠬᠠᠶᠢᠯᠠᠪᠠᠯ ᠨᠠᠶᠢᠳᠡ ᠶᠢᠨ ᠤᠨ ᠳᠤᠭᠠᠯᠠᠯ ᠠᠴᠠ ᠡᠮᠦᠨ᠎ᠡ 3 ᠳ᠋ᠤᠭᠠᠷ ᠵᠠᠭᠤᠨ ᠤ ᠦᠶ᠎ᠠ ᠳᠤ ᠾᠦᠩᠨᠤᠴᠤᠤᠨ ᠮᠤᠩᠭᠤᠯ ᠤᠨ ᠤᠳᠬᠠᠨ | ᠲᠡᠭᠷᠢ ᠠᠭᠤᠯᠠ ᠶᠢ ᠳᠠᠬᠢᠵᠥ᠂ ᠵᠤᠨ ᠨᠠᠮᠤᠷ ᠤᠨ ᠴᠠᠭ ᠲᠤ ᠶᠡᠭᠡ ᠲᠠᠶᠢᠯᠠᠭ᠎ᠠ ᠬᠢᠳᠡᠭ ᠪᠠᠶᠢᠵᠠᠢ᠃ ᠮᠦᠨ ᠬᠠᠨ ᠬᠡᠨᠳᠡᠢ ᠠᠭᠤᠯᠡ ᠶᠢ ᠳᠠᠬᠢᠵᠥ ᠪᠠᠶᠢᠭᠰᠠᠨ ᠲᠤᠬᠠᠢ | ᠮᠡᠳᠡᠭᠡ 13 ᠳ᠋ᠤᠭᠠᠷ ᠵᠠᠭᠤᠨ ᠤ ᠲᠡᠤᠭᠡᠨ ᠰᠤᠷᠪᠤᠯᠵᠢ ᠪᠢᠴᠢᠭ ︽ᠮᠤᠩᠭᠤᠯ ᠤᠨ ᠨᠢᠭᠤᠴᠠ ᠳᠤᠪᠴᠢᠶᠠᠨ︾ ᠳᠤ ᠲᠡᠮᠳᠡᠭᠯᠡᠭᠳᠡᠵᠥ ᠪᠠᠶᠢᠳᠠᠭ ᠰᠠᠨ᠃ | ᠡᠭᠦᠨ ᠠᠴᠠ ᠦᠵᠡᠪᠡᠯ ᠮᠤᠩᠭᠤᠯᠴᠤᠤᠨ ᠪᠠᠶᠢᠭᠠᠯᠢ ᠶᠢᠨ ᠪᠠᠶᠠᠯᠢᠭ᠂ ᠲᠡᠭᠦᠨ ᠤ ᠠᠰᠢᠭ ᠰᠢᠮ᠎ᠡ ᠶᠢᠨ ᠲᠤᠬᠠᠢ ᠬᠠᠤᠯᠢᠴᠢᠯᠡᠨ ᠬᠠᠮᠠᠭᠠᠯᠠᠬᠤ ᠶᠠᠪᠤᠳᠠᠯ | ᠤᠳᠥ ᠠᠴᠠ ᠪᠠᠷᠤᠭ ᠨᠠᠭᠠᠳᠤ ᠵᠠᠬ᠎ᠠ ᠨᠢ 800 ᠭᠠᠷᠤᠢ ᠵᠢᠯ ᠤᠨ ᠲᠡᠤᠭᠡ ᠲᠠᠢ ᠪᠤᠯᠤᠭᠰᠠᠨ ᠨᠢ ᠢᠯᠡᠷᠬᠡᠢ ᠪᠠᠶᠢᠭ᠎ᠠ ᠶᠤᠮ᠃ ᠲᠤᠬᠠᠶᠢᠯᠡᠪᠡᠯ ᠴᠢᠩᠬᠢᠰ ᠬᠠᠭᠠᠨ 13 | ᠳ᠋ᠤᠭᠠᠷ ᠵᠠᠭᠤᠨ ᠤ ᠡᠬᠢᠨ ᠳᠤ ᠲᠠᠷᠬᠠᠢ ᠪᠤᠳᠠᠷᠬᠠᠢ ᠮᠤᠩᠭᠤᠯᠴᠤᠤᠨ ᠢ ᠨᠢᠬᠡᠳᠭᠡᠵᠥ᠂ ᠤᠨᠤᠨ ᠮᠦᠷᠡᠨ ᠤ ᠬᠦᠪᠡᠭᠡᠨ ᠳᠤ ᠶᠡᠭᠡ ᠬᠤᠷᠡᠯᠳᠡᠢ ᠬᠤᠷᠡᠵᠥ᠂ ︽ᠶᠡᠭᠡ | ᠮᠤᠩᠭᠤᠯ ᠬᠠᠭᠠᠨᠳᠥ ᠤᠯᠤᠰ︾ ᠪᠠᠶᠢᠭᠤᠯᠤᠭᠳᠠᠭᠰᠠᠨ ᠢ ᠲᠤᠩᠬᠠᠭᠯᠠᠭᠰᠠᠨ ᠤ ᠲᠠᠷᠠᠭ᠎ᠠ᠂ ︽ᠶᠡᠭᠡ ᠮᠤᠩᠭᠤᠯ ᠬᠠᠭᠠᠨᠳᠥ ᠤᠯᠤᠰ︾ ᠤᠨ ᠬᠠᠮᠤᠭ ᠠᠩᠬᠠᠨ ᠤ ᠬᠠᠤᠯᠢ | ︽ᠶᠡᠭᠡ ᠵᠠᠰᠠᠭ︾ ᠢ ᠲᠤᠩᠬᠠᠭᠯᠠᠵᠠᠢ᠃ ᠲᠤᠬᠠᠢ ᠶᠢᠨ ᠦᠶ᠎ᠡ ᠳᠤ ︽ᠶᠡᠭᠡ ᠵᠠᠰᠠᠭ︾ ᠨᠢ ᠮᠢᠨᠥ ᠦᠵᠡᠬᠦ ᠪᠠᠷ ᠤᠳᠥ ᠶᠢᠨ ︽ᠤᠯᠡᠨ ᠤᠯᠤᠰ ᠤᠨ ᠬᠠᠤᠯᠢ︾ ︽ | ᠠᠵᠥ ᠠᠬᠤᠢ ᠶᠢᠨ ᠬᠠᠤᠯᠢ︾ ︽ᠴᠡᠷᠢᠭ ᠤᠨ ᠶᠠᠪᠤᠳᠠᠯ ᠤᠨ ᠬᠠᠤᠯᠢ︾ ︽ᠢᠷᠬᠡᠨ ᠤ ᠬᠠᠤᠯᠢ︾ ︽ᠡᠷᠡᠭᠦᠤ ᠶᠢᠨ ᠬᠠᠤᠯᠢ︾ ︽ᠱᠠᠰᠢᠨ ᠰᠤᠷᠳᠠᠬᠤᠨ ᠤ ᠬᠠᠤᠯᠢ︾ | ︽ᠤᠷᠴᠢᠨ ᠠᠬᠤᠢ ᠪᠤᠯᠤᠨ ᠠᠮᠢᠳᠠᠨ ᠠᠷᠢᠶᠠᠲᠠᠨ ᠢ ᠬᠠᠮᠠᠭᠠᠯᠠᠬᠤ ᠬᠠᠤᠯᠢ︾ ᠵᠡᠷᠬᠡ ᠤᠯᠡᠨ ᠵᠦᠢᠯ ᠤᠨ ᠬᠠᠤᠯᠢ ᠴᠠᠭᠠᠵᠠ ᠶᠢᠨ ᠶᠡᠷᠦᠩᠬᠡᠢ ᠨᠡᠷᠡᠶᠢᠳᠦᠯ ᠪᠤᠯᠵᠥ | ᠪᠠᠶᠢᠭᠰᠠᠨ ᠠᠵᠠᠢ᠃ ᠡᠬᠦᠨ ᠤ ᠲᠤᠳᠤᠷ᠎ᠡ ᠠᠴᠠ ᠵᠦᠪᠬᠡᠨ ᠤᠷᠴᠢᠨ ᠠᠬᠤᠢ ᠪᠤᠯᠤᠨ ᠪᠠᠶᠢᠭᠠᠯᠢ ᠬᠠᠮᠠᠭᠠᠯᠠᠯᠳᠠ ᠶᠢᠨ ᠲᠠᠯ᠎ᠠ ᠠᠴᠠ ᠲᠤᠳᠤᠷᠠᠭᠤᠯᠵᠥ ᠶᠠᠷᠢᠪᠡᠯ᠄ | ᠨᠢᠬᠡ ᠳᠤ᠂ ᠨᠤᠲᠤᠭ ᠪᠡᠯᠴᠢᠭᠡᠷ ᠪᠠᠶᠢᠭᠠᠯᠢ ᠬᠠᠮᠠᠭᠠᠯᠠᠯᠳᠠ ᠶᠢᠨ ᠲᠤᠬᠠᠢ᠄ ᠬᠠᠪᠤᠷ ᠤᠨ ᠤᠯᠠᠷᠢᠯ ᠳᠤ ᠨᠤᠲᠤᠭ ᠪᠡᠯᠴᠢᠬᠡᠷ ᠠᠮᠢᠯᠠᠵᠥ ᠡᠪᠡᠰᠦ ᠨᠤᠭᠤᠭ᠎ᠠ ᠰᠡᠷᠭᠦᠬᠦ | ᠦᠶᠡᠰ ᠨᠦᠬᠡ ᠮᠠᠯᠳᠠᠬᠤ ᠪᠤᠶᠦ ᠡᠪᠡᠰᠦ ᠬᠠᠮᠤᠵᠤ ᠭᠠᠵᠡᠷ ᠰᠢᠷᠦᠢ ᠬᠡᠭᠵᠡᠯᠡᠵᠥ ᠰᠡᠨᠳᠡᠯᠡᠵᠥ ᠪᠤᠯᠬᠤ ᠦᠬᠡᠢ᠂ ᠵᠦᠷᠢᠴᠡᠪᠡᠰᠦ ᠶᠠᠯᠠᠳᠠᠨ ᠲᠤᠷᠭᠤᠬᠤ ᠪᠤᠶᠦ ᠬᠦᠨᠳᠦ | ᠨᠤᠴᠢᠳᠡᠢ ᠶᠢ ᠨᠢ ᠴᠠᠭᠠᠯᠢᠯᠠᠮᠤᠢ᠃ | ᠬᠤᠶᠡᠷ ᠲᠤ᠂ ᠲᠦᠢᠮᠡᠷ ᠢ ᠰᠡᠷᠭᠡᠶᠢᠯᠡᠬᠦ ᠲᠤᠬᠠᠢ᠄ ᠲᠦᠢᠮᠡᠷ ᠲᠠᠯᠪᠢᠬᠤ ᠶᠢ ᠡᠷᠡᠰ ᠴᠠᠭᠠᠵᠠᠯᠠᠨ᠎ᠠ᠃ ᠪᠡᠯᠴᠢᠭᠡᠷ ᠰᠡᠯᠬᠦᠵᠥ ᠨᠡᠭᠦᠵᠥ ᠪᠠᠭᠤᠬᠤ ᠦᠶ᠎ᠡ ᠳᠡᠭᠡᠨ | ᠦᠨᠡᠰᠦ ᠬᠤᠭ ᠢᠶᠠᠨ ᠰᠠᠶᠢᠳᠤᠷ ᠪᠤᠯᠡᠵᠥ ᠳᠠᠷᠤᠬᠤ ᠬᠡᠷᠡᠭᠲᠡᠢ᠂ ᠬᠡᠷᠪᠡ ᠵᠦᠷᠢᠴᠡᠪᠡᠯ ᠴᠠᠭᠠᠵᠠ ᠪᠠᠷ ᠠᠪᠤᠭᠠᠴᠢᠨᠠ᠃ | ᠭᠤᠷᠪᠡ ᠳᠤ᠂ ᠤᠰᠤᠨ ᠤ ᠡᠬᠢ ᠪᠠᠶᠠᠯᠢᠭ ᠢ ᠬᠠᠮᠠᠭᠠᠯᠠᠬᠤ ᠲᠤᠬᠠᠢ᠄ ᠭᠤᠤᠯ ᠭᠤᠷᠤᠬ᠎ᠠ ᠪᠤᠶᠦ ᠨᠠᠭᠤᠷ ᠪᠤᠯᠠᠭ ᠲᠤ ᠰᠢᠬᠡᠵᠥ ᠪᠠᠭᠠᠬᠤ ᠪᠤᠶᠦ ᠬᠤᠪᠴᠠᠰᠦ | ᠬᠤᠨᠡᠷ ᠤᠬᠢᠶᠠᠵᠥ ᠪᠤᠬᠢᠷᠳᠠᠭᠤᠯᠵᠥ ᠪᠤᠯᠬᠤ ᠦᠬᠡᠢ᠂ ᠵᠦᠷᠢᠴᠡᠪᠡᠰᠥ ᠴᠠᠭᠠᠵᠠ ᠪᠠᠷ ᠠᠪᠤᠭᠠᠴᠢᠨᠠ᠃ | ᠲᠦᠷᠪᠡ ᠳᠤ᠂ ᠠᠮᠢᠳᠡᠨ ᠠᠷᠢᠶᠠᠳᠠᠨ ᠵᠢᠬᠦᠷᠳᠡᠨ ᠢ ᠬᠠᠮᠠᠭᠠᠯᠠᠬᠤ ᠲᠤᠬᠠᠢ᠄ ᠡᠷᠳᠡᠨ ᠤ ᠦᠶ᠎ᠡ ᠳᠤ ᠮᠤᠩᠭᠤᠯᠴᠤᠤᠨ ᠬᠡᠳᠦ᠋ᠢᠪᠡᠷ ᠠᠩ ᠬᠦᠷᠦᠬᠡ ᠬᠢᠵᠥ ᠴᠡᠷᠢᠭ | ᠮᠤᠷᠢ ᠪᠠᠨ ᠪᠤᠯᠪᠠᠰᠤᠷᠠᠭᠤᠯᠳᠠᠭ ᠪᠠᠶᠢᠭᠰᠠᠨ ᠴᠦ ᠬᠠᠷᠢᠨ ᠮᠠᠰᠢ ᠴᠢᠩᠭ᠎ᠠ ᠬᠠᠤᠯᠢ ᠲᠦᠷᠢᠮ ᠲᠠᠢ ᠪᠠᠶᠢᠵᠠᠢ᠃ ᠲᠤᠬᠠᠶᠢᠯᠠᠪᠡᠯ ᠠᠯᠢᠪᠠ ᠠᠮᠢᠲᠡᠨ ᠵᠢᠬᠦᠷᠳᠡᠨ ᠠᠷᠢᠶᠠᠳᠠᠨ ᠤ | ᠤᠷᠤᠭ᠎ᠠ ᠤᠷᠤᠬᠤ ᠴᠠᠭ ᠲᠤ ᠠᠯᠠᠵᠥ ᠨᠢᠳᠦᠯᠡᠵᠥ ᠪᠤᠯᠬᠤ ᠦᠬᠡᠢ ︵ᠲᠠᠷᠤᠢ ᠬᠠᠭᠤᠴᠢᠨ ᠤᠯᠠᠷᠢᠯ ᠤᠨ ᠨᠢᠭᠡᠳᠦᠬᠡᠷ ᠰᠠᠷ᠎ᠠ ᠠᠴᠠ ᠲᠤᠯᠤᠳᠤᠭᠠᠷ ᠰᠠᠷ᠎ᠠ ᠶᠢᠨ ᠬᠤᠷᠢᠳ | ᠬᠦᠷᠳᠡᠯ᠎ᠠ︶ ᠠᠩ ᠬᠦᠷᠦᠭᠡ ᠬᠢᠬᠦ ᠦᠶ᠎ᠡ ᠳᠤ ᠴᠦ ᠡᠮ᠎ᠠ ᠬᠦᠢᠰᠦ ᠲᠠᠢ ᠬᠦᠬᠦᠬᠦᠯ ᠠᠮᠢᠲᠡᠨ ᠢ ᠬᠦᠨᠦᠬᠡᠵᠥ ᠪᠤᠯᠬᠤ ᠦᠬᠡᠢ᠃ | ᠶᠠᠮᠠᠷᠪᠡ ᠴᠠᠭ ᠲᠤ ᠬᠤᠨ᠂ ᠳᠠᠰ᠂ ᠬᠠᠷᠴᠠᠭᠠᠢ᠂ ᠱᠤᠩᠬᠤᠷ ᠵᠡᠷᠬᠡ ᠰᠢᠪᠠᠭᠤᠤᠨ ᠢ ᠠᠯᠠᠵᠥ ᠪᠤᠯᠬᠤ ᠦᠬᠡᠢ ᠵᠡᠷᠬᠡ ᠬᠠᠤᠯᠢ ᠴᠠᠭᠠᠵᠠ ᠤᠳ ᠨᠢ ᠲᠤᠬᠠᠢ ᠶᠢᠨ | ᠮᠤᠩᠭᠤᠯᠴᠤᠤᠨ ᠡᠬᠡ ᠪᠠᠶᠢᠭᠠᠯᠢ ᠪᠠᠨ ᠬᠠᠶᠢᠷᠡᠯᠡᠵᠥ᠂ ᠪᠠᠶᠢᠭᠠᠯᠢ ᠤᠷᠴᠢᠨ ᠤ ᠲᠡᠩᠴᠡᠭᠦᠷᠢ ᠶᠢ ᠪᠠᠳᠤᠯᠡᠵᠥ᠂ ᠪᠠᠶᠢᠭᠠᠯᠢ ᠶᠢ ᠳᠤᠰ ᠪᠡᠶ᠎ᠡ ᠪᠠᠷ ᠨᠢ ᠬᠠᠮᠠᠭᠠᠯᠠᠭᠤᠯᠬᠤ | ᠤᠷ᠎ᠡ ᠤᠬᠠᠭᠠᠨ ᠢ ᠶᠡᠬᠡᠳᠡ ᠡᠷᠬᠢᠮᠯᠡᠳᠡᠭ ᠪᠠᠶᠢᠭᠰᠠᠨ ᠠᠵᠠᠢ᠃ ᠡᠳᠡᠭᠡᠷ ᠪᠦᠬᠦᠨ ᠨᠢ ᠮᠠᠨ ᠤ ᠮᠤᠩᠭᠤᠯᠴᠤᠤᠨ ᠡᠷᠳᠡᠨ ᠤ ᠦᠶ᠎ᠡ ᠳᠤ ᠰᠠᠬᠢᠯᠭ᠎ᠠ ᠪᠠᠳᠥ ᠴᠢᠩᠭ᠎ᠠ᠂ | ᠬᠠᠤᠯᠢ ᠴᠠᠭᠠᠵᠠ ᠳᠤᠳᠤᠷᠬᠠᠢ᠂ ᠡᠬᠡ ᠪᠠᠶᠢᠭᠠᠯᠢ ᠪᠠᠨ ᠠᠮᠢ ᠨᠠᠰᠤ ᠠᠯᠠᠭ ᠨᠢᠳᠤᠨ ᠤ ᠴᠡᠴᠡᠬᠡᠢ ᠰᠢᠭ ᠢᠶᠠᠨ ᠬᠠᠶᠢᠷᠠᠯᠠᠨ ᠬᠠᠮᠠᠭᠠᠯᠠᠵᠥ ᠪᠠᠶᠢᠭᠰᠠᠨ ᠬᠡᠳᠡᠭ ᠢ | ᠬᠠᠷᠠᠭᠤᠯᠵᠥ ᠪᠠᠶᠢᠭ᠎ᠠ ᠨᠢ ᠶᠠᠭᠤᠳᠠᠢ ᠠᠭᠤᠤ ᠶᠠᠭᠤᠳᠠᠢ ᠡᠷᠬᠢᠮ ᠠᠵᠠᠢ︕ ᠮᠦᠨ ᠴᠦ ᠡᠨᠡᠬᠦ ᠡᠷᠡᠨ ᠳᠤ ᠮᠤᠩᠭᠤᠯᠴᠤᠤᠨ ᠠᠴᠠ ᠦᠬᠡᠷ᠎ᠡ ᠶᠠᠮᠡᠷ ᠨᠢᠬᠡ ᠠᠷᠠᠰᠤᠳᠠᠨ | ᠶᠠᠰᠤᠳᠠᠨ ᠪᠠᠶᠢᠭᠠᠯᠢ ᠲᠡᠯᠡᠬᠡᠢ ᠪᠠᠨ ᠬᠠᠮᠠᠭᠠᠯᠠᠵᠥ ᠬᠠᠶᠢᠷᠠᠯᠠᠬᠤ ᠡᠶᠢᠮᠦᠷᠬᠦ ᠬᠠᠤᠯᠢ ᠴᠠᠭᠠᠵᠠ ᠲᠠᠢ ᠪᠠᠶᠢᠭᠰᠠᠨ ᠪᠤᠯ ᠡ︕ | |