ᠠᠷᠭᠠᠯ ᠲᠡᠭᠦᠭᠦ ᠬᠠᠰᠢᠶᠠᠯᠠᠬᠤ ᠶᠤᠰᠤ ᠵᠢᠷᠤᠮ ᠤᠨ ᠲᠠᠬᠠᠢ ︵ᠲᠦᠷᠪᠡ︶
ᠨᠡᠶᠢᠲᠡᠯᠡᠭᠰᠡᠨ ᠴᠠᠭ᠄
2024/3/18
      ᠠᠷᠭᠠᠯ ᠪᠤᠯ ᠦᠬᠡᠷ ᠤᠨ ᠬᠠᠲᠠᠭᠠᠭᠰᠠᠨ ᠪᠠᠭᠠᠰᠤ ᠮᠦᠨ᠃ ᠡᠭᠦᠨ ᠢ ᠮᠠᠯᠵᠢᠬᠤ ᠤᠷᠤᠨ ᠳᠤ ᠭᠤᠥᠯ ᠲᠦᠯᠡᠰᠢ ᠪᠠᠨ ᠪᠤᠯᠭᠠᠵᠤ᠂ ᠮᠠᠯ ᠤᠨ ᠬᠡᠰᠢᠭ ᠰᠢᠮ᠎ᠡ ᠬᠡᠵᠤ ᠦᠵᠡᠵᠤ ᠬᠠᠪᠤᠷ ᠨᠢ ᠲᠠᠷᠠᠭ᠎ᠠ ᠡᠪᠤᠯ ᠬᠠᠪᠤᠷ ᠤᠨ ᠲᠦᠯᠡᠰᠢ — ᠠᠷᠭᠠᠯ ᠢᠶᠠᠨ ᠪᠡᠯᠡᠳᠬᠡᠨ ᠬᠠᠰᠢᠶᠠᠯᠠᠵᠤ ᠲᠠᠪᠬᠤᠷᠯᠠᠵᠤ ᠠᠪᠳᠠᠭ᠃ ᠡᠨᠡ ᠨᠢ ᠮᠤᠩᠭᠤᠯᠴᠥᠳ ᠤᠨ ᠡᠷᠳᠠᠨ ᠠᠴᠠ ᠤᠯᠠᠮᠵᠢᠯᠠᠭᠳᠠᠨ ᠢᠷᠡᠭᠰᠡᠨ ᠦᠨᠳᠦᠰᠦᠳᠠᠨ ᠤ ᠵᠠᠩ ᠦᠢᠯᠡ ᠮᠦᠨ᠃ ᠮᠠᠯᠴᠢᠳ ᠨᠡᠭᠦᠳᠡᠯ ᠠᠮᠢᠳᠤᠷᠠᠯ  ᠳᠠᠭᠠᠨ ᠮᠦᠨ ᠠᠭᠤᠯᠠᠨ ᠮᠤᠳᠤ ᠶᠢ ᠲᠤᠷ᠎ᠠ ᠪᠠᠷ ᠢᠶᠠᠨ ᠤᠭᠳᠤᠯᠵᠤ ᠠᠪᠬᠤ ᠦᠭᠡᠢ ᠬᠠᠷᠢᠨ ᠬᠡᠬᠡᠷ᠎ᠡ ᠶᠢᠨ ᠠᠶᠠᠨᠳᠠᠭᠠᠨ ᠬᠠᠲᠠᠭᠰᠠᠨ ᠠᠷᠭᠠᠯ ᠢ ᠲᠡᠭᠦᠵᠤ ᠲᠦᠯᠡᠰᠢ ᠪᠤᠯᠭᠠᠳᠠᠭ ᠡᠷᠭᠢᠮ ᠨᠠᠨᠳᠢᠨ ᠰᠤᠷᠳᠠᠯ ᠲᠠᠢ ᠶᠤᠮ᠃ ᠶᠠᠭ ᠡᠶᠢᠮᠦ ᠠᠴᠠ ᠠᠷᠭᠠᠯ ᠲᠡᠭᠦᠭᠦ ᠪᠣᠯ ᠮᠤᠩᠭᠤᠯ ᠠᠮᠢᠳᠤᠷᠠᠯ ᠤᠨ ᠲᠤᠮᠳᠠ ᠲᠤᠳᠠᠭᠳᠠᠵᠤ ᠪᠤᠯᠤᠰᠢ ᠦᠭᠡᠢ ᠠᠵᠢᠯ ᠪᠤᠯᠵᠤ᠂ ᠮᠤᠩᠭᠤᠯ ᠵᠠᠩ ᠵᠠᠩᠰᠢᠯ ᠮᠤᠩᠭᠤᠯ ᠰᠤᠶᠤᠯ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠵᠤ ᠴᠢᠳᠠᠭᠰᠡᠨ ᠪᠠᠶᠢᠨ᠎ᠠ᠃ ᠲᠦᠷᠪᠡ᠂ ᠴᠡᠭᠡᠷ ᠶᠤᠰᠤᠨ ᠮᠠᠯᠵᠢᠬᠤ ᠤᠷᠤᠨ ᠤ ᠮᠤᠩᠭᠤᠯᠴᠤᠳ ᠡᠷᠳᠡ ᠲᠡᠭᠡᠳᠦ ᠠᠴᠠ ᠪᠠᠨ ᠠᠪᠤᠭᠠᠳ ᠲᠠᠶᠢᠪᠤᠡᠭ ᠨᠠᠶᠢᠷᠠᠮᠳᠠᠭᠤ ᠠᠮᠢᠳᠤᠷᠠᠯ ᠲᠤᠷᠠᠳᠠᠢ ᠪᠠᠶᠢᠵᠤ᠂ ᠬᠤᠯᠠᠭᠠᠢ ᠬᠤᠳᠠᠯ ᠭᠢᠭᠦ ᠶᠢ ᠵᠢᠭᠰᠢᠳᠡᠭ ᠪᠦᠭᠡᠳ ᠲᠤᠷ᠎ᠠ ᠦᠭᠡᠢ ᠪᠠᠶᠢᠳᠠᠭ᠃ ᠬᠡᠭᠡᠷ᠎ᠡ ᠭᠠᠳᠠᠨ᠎ᠠ ᠡᠷᠭᠢᠭᠦᠯᠦᠭᠰᠡᠨ ᠮᠠᠯ ᠤᠨ ᠪᠠᠭᠠᠰᠤ ᠶᠢ ᠠᠪᠳᠠᠭ ᠦᠭᠡᠢ ᠰᠠᠶᠢᠬᠠᠨ ᠵᠠᠩ ᠪᠤᠯᠪᠠᠰᠤᠷᠠᠯ ᠲᠠᠢ ᠶᠤᠮ᠃ ᠠᠷᠭᠠᠯ ᠲᠡᠭᠦᠭᠦ ᠳᠡᠭᠡᠨ ᠪᠤᠰᠤᠳ ᠠᠶᠢᠯ ᠤᠨ ᠭᠡᠷ ᠤᠨ ᠡᠭᠦᠳᠡ᠂ ᠬᠡᠷᠡᠮ ᠤᠨ ᠡᠩᠭᠡᠷ ᠪᠠ ᠤᠪᠤᠭ᠎ᠠ ᠲᠠᠢ ᠠᠷᠭᠠᠯ ᠤᠨ ᠤᠶᠢᠷᠠᠯᠴᠠᠭ᠎ᠠ ᠪᠠᠶᠢᠭ᠎ᠠ ᠠᠷᠭᠠᠯ ᠪᠠᠭᠠᠰᠤ ᠲᠡᠭᠦᠭᠦ ᠵᠠᠩᠰᠢᠯ ᠦᠭᠡᠢ ᠪᠠᠶᠢᠳᠠᠭ᠃ ᠡᠨᠡ ᠨᠢ ᠮᠤᠩᠭᠤᠯᠴᠤᠳ ᠤᠨ ᠨᠡᠭᠦᠳᠡᠯ ᠠᠮᠢᠳᠤᠷᠠᠯ ᠰᠤᠶᠤᠯ ᠤᠨ ᠲᠤᠮᠳᠠ ᠠᠴᠠ ᠪᠤᠢ ᠪᠤᠯᠤᠭᠰᠡᠨ ᠪᠤᠯᠪᠠᠰᠤᠨ ᠶᠤᠰᠤᠷᠬᠠᠭ ᠨᠠᠨᠳᠢᠨ ᠰᠤᠷᠳᠠᠯ ᠶᠤᠮ᠃       ᠮᠤᠩᠭᠤᠯᠴᠣᠳ ᠠᠷᠭᠠᠯ ᠢ ᠮᠠᠯ ᠤᠨ ᠪᠠᠭᠠᠰᠤ ᠭᠡᠵᠦ ᠬᠡᠯᠡᠳᠡᠭ ᠦᠭᠡᠢ᠂ ᠬᠠᠳᠠᠭᠠᠭᠰᠡᠨ ᠤ ᠰᠡᠭᠦᠯᠡᠷ ᠰᠠᠶ᠋ᠢ ᠠᠷᠭᠠᠯ ᠭᠡᠵᠦ ᠬᠡᠯᠡᠳᠡᠭ᠃ ᠭᠦᠯᠳᠡᠭᠦ ᠦᠭᠡᠢ ᠪᠤᠯ ᠨᠦᠢᠳᠡᠨ ᠪᠠᠭᠠᠰᠤ ᠶᠢ ᠪᠤᠯ ᠰᠠᠶ᠋ᠢ ᠮᠠᠯ ᠤᠨ ᠪᠠᠭᠠᠰᠤ ᠭᠡᠭᠦ ᠪᠤᠶᠤ ᠵᠢᠯ ᠤᠨ ᠲᠦᠷᠪᠡᠨ ᠤᠯᠠᠷᠢᠯ ᠢᠶᠠᠨ ᠦᠨᠳᠦᠰᠦᠯᠡᠨ ᠨᠡᠷᠡᠳᠳᠡᠭ᠃ ᠡᠪᠦᠯ ᠳᠡᠭᠡᠨ ᠪᠤᠯ ᠭᠦᠯᠳᠠᠭᠦᠰᠤ ᠭᠡᠵᠦ᠂ ᠬᠠᠪᠤᠷ  ᠳᠠᠭᠠᠨ ᠬᠠᠷ᠎ᠠ ᠠᠷᠭᠠᠯ ᠭᠡᠵᠦ᠂ ᠨᠠᠮᠤᠷ ᠲᠠᠭᠠᠨ ᠰᠢᠷ᠎ᠠ ᠠᠷᠭᠠᠯ ᠭᠡᠵᠦ᠂ ᠵᠤᠨ ᠳᠠᠭᠠᠨ ᠴᠠᠭᠠᠨ ᠠᠷᠭᠠᠯ ᠭᠡᠵᠦ ᠬᠡᠯᠡᠳᠡᠭ᠃ ᠡᠨᠡ ᠨᠢ ᠮᠤᠩᠭᠤᠯᠴᠤᠳ ᠤᠨ ᠠᠷᠴᠢᠯᠠᠵᠤ ᠪᠦᠭᠦᠢ ᠦᠭᠡᠷ ᠮᠠᠯ ᠢᠶᠠᠨ ᠬᠠᠶᠢᠷᠠᠯᠠᠵᠤ ᠭᠦᠨᠳᠦᠳᠭᠡᠭᠦ ᠶᠤᠰᠤᠨ ᠠᠴᠠ ᠤᠯᠠᠮᠵᠢᠯᠠᠭᠳᠠᠨ ᠢᠷᠡᠭᠰᠡᠨ ᠪᠦᠭᠡᠳ ᠭᠦᠯᠳᠠᠭᠦᠰᠤ ᠠᠷᠭᠠᠯ ᠳᠤ ᠭᠠᠭ᠋ᠠᠢ ᠨᠤᠬᠠᠢ ᠶᠢᠨ ᠪᠠᠭᠠᠰᠤ ᠤᠷᠤᠬᠤ ᠶᠢ ᠲᠠᠰᠤ ᠴᠡᠭᠡᠷᠯᠡᠵᠦ᠂ ᠭᠡᠷᠪᠡ ᠭᠠᠭ᠋ᠠᠢ ᠨᠤᠬᠠᠢ ᠶᠢᠨ ᠪᠠᠭᠠᠰᠤ ᠪᠠᠶᠢᠪᠡᠯ ᠰᠠᠶᠢᠬᠠᠨ ᠠᠷᠢᠯᠭᠠᠵᠤ ᠬᠠᠶᠠᠳᠠᠭ᠃ ᠡᠶᠢᠮᠦ ᠠᠴᠠ ᠡᠪᠦᠯ  ᠤᠨ ᠭᠦᠯᠳᠡᠭᠦᠰᠤ ᠪᠠᠨ ᠬᠡᠵᠢᠶᠡᠳᠡ ᠮᠠᠯ ᠤᠨ ᠭᠦᠯ ᠠᠴᠠ ᠵᠠᠶᠢᠲᠠᠢ ᠭᠠᠵᠠᠷ ᠲᠤ ᠰᠠᠶᠢᠬᠠᠨ ᠲᠢᠭ ᠲᠠᠢ ᠤᠪᠤᠭᠠᠯᠠᠵᠤ ᠲᠠᠯᠪᠢᠳᠠᠭ ᠶᠤᠮ᠃ ᠨᠦᠭᠦᠭᠡ ᠲᠠᠯ᠎ᠠ ᠪᠠᠷ ᠮᠦᠨᠴᠦ ᠬᠡᠮᠬᠡᠷᠡᠬᠦ ᠶᠢ ᠰᠡᠷᠭᠡᠶᠢᠯᠡᠵᠤ ᠪᠠᠶᠢᠬᠤ ᠪᠠᠷ ᠪᠠᠷᠠᠬᠤ ᠦᠭᠡᠢ ᠪᠠᠰᠠᠴᠤ ᠴᠡᠪᠡᠷ ᠠᠷᠢᠭᠤᠨ ᠪᠠᠶᠢᠯᠭᠠᠬᠤ ᠶᠢᠨ ᠲᠦᠯᠦᠭᠡ ᠶᠤᠮ᠃ ᠭᠠᠵᠠᠷ ᠨᠤᠳᠤᠭ ᠦᠷᠭᠡᠨ ᠠᠭᠤᠳᠠᠮ ᠪᠠᠶᠢᠬᠤ ᠦᠶᠡᠰ ᠳᠡᠭᠡᠨ ᠬᠡᠳᠦᠨ ᠠᠷᠤᠭ ᠢᠶᠠᠷ ᠨᠢᠭᠡ ᠤᠪᠤᠭ᠎ᠠ ᠪᠤᠯᠭᠠᠨ ᠤᠪᠤᠭᠠᠯᠠᠵᠤ ᠪᠠᠶᠢᠭᠰᠡᠨ ᠶᠤᠮ᠃ ᠬᠤᠵᠢᠮ ᠨᠢ ᠭᠠᠵᠠᠷ ᠨᠤᠳᠤᠭ ᠢᠪᠴᠤᠤ ᠴᠢᠬᠤᠯᠠ ᠪᠤᠯᠤᠭᠰᠡᠨ ᠠᠴᠠ ᠲᠠᠯᠠᠩᠯᠠᠭᠤᠯᠵᠤ ᠤᠪᠤᠭᠠᠯᠠᠳᠠᠭ᠃ ᠠᠷᠭᠠᠯ ᠲᠦᠯᠡᠰᠢ ᠴᠡᠪᠡᠷ ᠠᠷᠢᠭᠤᠨ ᠪᠠᠶᠢᠯᠭᠠᠳᠠᠭ ᠨᠢ ᠮᠤᠩᠭᠤᠯᠴᠥᠳ ᠤᠨ ᠭᠠᠯ ᠪᠤᠯ ᠴᠡᠪᠡᠷ ᠠᠷᠢᠭᠤᠨ ᠭᠡᠳᠡᠭ ᠡᠷᠭᠢᠨ ᠲᠡᠭᠡᠳᠦ ᠶᠤᠰᠤ ᠵᠢᠷᠤᠮ ᠠᠴᠠ ᠪᠤᠢ ᠪᠤᠯᠵᠤ᠂ ᠪᠤᠵᠠᠷ ᠪᠤᠷᠳᠠᠭ ᠲᠠᠢ ᠶᠠᠭᠤᠮ᠎ᠠ ᠲᠦᠯᠡᠰᠢ ᠰᠢᠳᠠᠭᠠᠯᠭ᠎ᠠ ᠲᠠᠢ ᠤᠶᠢᠷᠠᠳᠤᠭᠤᠯᠬᠤ ᠦᠭᠡᠢ ᠭᠡᠳᠡᠭ ᠭᠦᠨᠳᠦᠳᠭᠡᠯ ᠶᠤᠰᠤ ᠠᠴᠠ ᠢᠷᠡᠭᠰᠡᠨ ᠶᠤᠮ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ