ᠣᠣᠯ ᠤᠨ ᠵᠦᠪᠯᠡᠯᠳᠣ ᠬᠤᠯᠪᠤᠭᠠᠳᠣ ᠣᠯᠣᠰ ᠤᠨ ᠠᠯᠳᠠᠷᠳᠣ ᠰᠣᠷᠭᠠᠨ ᠬᠦᠮᠣᠵᠢᠯ ᠤᠨ ᠤᠬᠠᠭᠠᠨᠳᠠᠠ ᠰᠣᠬᠤᠮᠠᠯᠢᠨ᠋ᠰᠺᠢ ︽ᠵᠠᠷᠢᠮ ᠦᠶ᠎ᠠ ᠳᠤ | ᠠᠭᠤᠴᠢᠯᠠᠯ ᠠᠴᠠ ᠪᠤᠯᠣᠬᠰᠠᠨ ᠶᠣᠰᠣ ᠮᠣᠷᠠᠯ ᠤᠨ ᠳᠣᠩᠰᠤᠯᠲᠠ ᠨᠢ ᠶᠠᠯᠠᠳᠠᠵᠤ ᠰᠢᠳᠬᠡᠬᠦ ᠠᠴᠠ ᠨᠡᠩ ᠴᠢᠩᠭ᠎ᠠ ᠰᠢᠷᠣᠬᠦᠨ ᠪᠠᠶᠢᠳᠠᠭ︾ ᠬᠡᠵᠣ ᠵᠢᠭᠠᠵᠣ ᠭᠠᠷᠭᠠᠬᠰᠠᠨ | ᠪᠢᠯᠠ᠃ ᠡᠬᠦᠨ ᠠᠴᠠ ᠰᠣᠷᠣᠭᠴᠢ ᠶᠢ ᠬᠦᠮᠣᠵᠢᠬᠦᠯᠬᠦ ᠳᠤ ᠵᠣᠬᠢᠰᠳᠠᠢ ᠠᠭᠤᠴᠢᠯᠠᠯ ᠶᠠᠪᠤᠭᠤᠯᠬᠤ ᠨᠢ ᠰᠣᠷᠭᠠᠨ ᠬᠦᠮᠣᠵᠢᠬᠦᠯᠬᠦ ᠵᠣᠷᠢᠯᠭ᠎ᠠ ᠳᠠᠭᠠᠨ ᠬᠦᠷᠬᠦ ᠨᠢᠭᠡ | ᠵᠦᠢᠯ ᠤᠨ ᠪᠦᠳᠣᠮᠵᠢᠳᠠᠢ ᠠᠷᠭ᠎ᠠ ᠪᠤᠯᠬᠤ ᠶᠢ ᠮᠡᠳᠡᠵᠤ ᠪᠤᠯᠤᠨ᠎ᠠ᠃ ᠠᠭᠤᠴᠢᠯᠠᠯ ᠪᠤᠯ ᠲᠠᠯᠳᠠ ︽ᠰᠢᠬᠦᠮᠵᠢᠯᠠᠯ︾ ᠮᠦᠨ᠃ ᠵᠠᠷᠢᠮ ᠦᠶ᠎ᠠ ᠳᠤ ᠡᠨᠡ ᠨᠢ ᠬᠡᠢ | ᠬᠤᠭᠤᠰᠣᠨ ᠨᠣᠮᠯᠠᠯ᠂ ᠬᠠᠶᠢᠷ᠎ᠠ ᠨᠠᠶᠢᠷ ᠦᠬᠡᠢ ᠵᠢᠮᠠᠯᠠᠯ ᠠᠴᠠ ᠬᠤᠯᠠ ᠲᠡᠭᠡᠷ᠎ᠠ ᠪᠦᠭᠡᠳ ᠬᠤᠯᠠ ᠶᠡᠭᠡ ᠦᠢᠯᠡᠳᠣᠯ ᠦᠵᠡᠬᠦᠯᠳᠡᠭ᠃ | ᠢᠯᠠᠩᠭᠤᠶ᠎ᠠ ᠨᠡᠷᠡᠯᠭᠡᠦ ᠰᠡᠳᠬᠢᠯᠭᠡ ᠲᠠᠢ ᠰᠣᠷᠣᠭᠴᠢ ᠳᠤ ᠵᠣᠬᠢᠬᠤ ᠠᠭᠤᠴᠢᠯᠠᠯ ᠶᠠᠪᠤᠭᠤᠯᠬᠤ ᠨᠢ ᠪᠠᠭᠰᠢ ᠰᠣᠷᠣᠭᠴᠢ ᠶᠢᠨ ᠬᠠᠷᠢᠴᠠᠭ᠎ᠠ ᠶᠢ ᠣᠯᠠᠮ ᠨᠢᠬᠳᠠ | ᠪᠤᠯᠭᠠᠵᠣ᠂ ᠰᠣᠷᠣᠭᠴᠢ ᠶᠢᠨ ᠪᠠᠭᠰᠢ ᠪᠠᠨ ᠢᠳᠡᠭᠡᠨ ᠪᠢᠰᠢᠷᠡᠬᠦ᠂ ᠪᠠᠭᠰᠢ ᠪᠠᠨ ᠬᠦᠨᠳᠣᠳᠭᠡᠬᠦ ᠰᠡᠳᠬᠢᠯᠭᠡ ᠶᠢ ᠪᠤᠢ ᠪᠤᠯᠭᠠᠬᠤ ᠳᠤ ᠲᠣᠩ ᠠᠰᠢᠬᠳᠠᠢ ᠪᠦᠭᠡᠳ | ᠰᠣᠷᠣᠭᠴᠢ ᠶᠢᠨ ᠣᠷᠣᠭᠰᠢ ᠲᠠᠪᠰᠢᠨ ᠴᠢᠷᠮᠠᠶᠢᠬᠤ ᠳᠤᠨᠢ ᠲᠦᠯᠬᠢᠴᠡ ᠬᠦᠴᠣᠨ ᠪᠤᠯᠳᠠᠭ᠃ ᠲᠡᠭᠡᠪᠡᠯ ᠶᠠᠮᠠᠷ ᠦᠶᠡᠰ ᠠᠭᠤᠴᠢᠯᠠᠯ ᠶᠠᠪᠤᠭᠤᠯᠪᠠᠯ ᠵᠣᠬᠢᠬᠤ ᠪᠤᠢ︖ | ᠶᠠᠮᠠᠷ ᠨᠢᠭᠡᠨ ᠰᠣᠷᠣᠭᠴᠢ ᠬᠡᠷᠪᠡ ᠰᠠᠨᠠᠭᠠᠴᠢᠯᠠᠭ᠎ᠠ ᠦᠬᠡᠢ ᠪᠠᠶᠢᠳᠠᠯ ᠲᠣᠣᠷ᠎ᠠ ᠬᠡᠨᠡᠳᠳᠡ ᠶᠢᠨ ᠠᠯᠳᠠᠭ᠎ᠠ ᠲᠣᠳᠠᠬᠳᠠᠯ ᠭᠠᠷᠭᠠᠬᠰᠠᠨ ᠪᠠᠶᠢᠪᠠᠯ ᠠᠭᠤᠴᠢᠯᠠᠯ ᠶᠠᠪᠤᠭᠤᠯᠵᠣ | ᠪᠤᠯᠤᠨ᠎ᠠ᠃ ᠦᠪᠡᠷ ᠤᠨ ᠲᠣᠳᠠᠭᠳᠠᠯ ᠢᠶᠠᠨ ᠮᠡᠳᠡᠷᠡᠵᠣ᠂ ᠭᠠᠷᠭᠠᠬᠰᠠᠨ ᠠᠯᠳᠠᠭ᠎ᠠ ᠳᠠᠭᠠᠨ ᠬᠡᠮᠰᠢᠨ ᠬᠠᠷᠠᠮᠰᠠᠵᠣ ᠭᠤᠨᠢᠨ ᠭᠤᠳᠣᠷᠠᠵᠣ ᠪᠠᠶᠢᠬᠤ ᠦᠶᠠᠰ ᠠᠭᠤᠴᠢᠯᠠᠯ | ᠶᠠᠪᠤᠭᠤᠯᠵᠣ ᠪᠤᠯᠤᠨ᠎ᠠ᠃ ᠡᠨᠡ ᠦᠶᠡᠰ ᠪᠠᠭᠰᠢ ᠠᠴᠠ ᠴᠢᠩ ᠦᠨᠠᠨᠴᠢ ᠪᠠᠷ ᠬᠠᠯᠠᠮᠵᠢᠯᠠᠵᠣ ᠴᠢᠭᠡᠴᠢ ᠲᠣᠳᠣᠨᠣ ᠪᠠᠷ ᠠᠭᠤᠴᠢᠯᠠᠠ ᠰᠣᠷᠭᠠᠬᠤ ᠨᠢ ᠰᠣᠷᠣᠬᠴᠢ ᠶᠢᠨ | ᠰᠡᠳᠬᠢᠯ ᠰᠠᠨᠠᠭ᠎ᠠ ᠶᠢ ᠬᠢᠯᠪᠠᠷᠬᠠᠨ ᠬᠦᠨᠳᠡᠵᠤ ᠴᠢᠳᠠᠳᠠᠭ ᠶᠣᠮ᠃ ᠪᠠᠰᠠ ᠪᠠᠭᠰᠢ ᠰᠣᠷᠣᠬᠴᠢ ᠶᠢᠨ ᠬᠤᠭᠤᠷᠣᠨᠳᠣᠬᠢ ᠵᠦᠷᠢᠴᠡᠯ ᠦᠵᠡᠬᠦᠶᠠ ᠬᠤᠷᠴᠠ ᠰᠢᠷᠦᠬᠦᠨ | ᠪᠤᠯᠵᠣ᠂ ᠰᠣᠷᠣᠬᠴᠢ ᠡᠰᠡᠷᠬᠦᠴᠡᠨ ᠵᠦᠷᠢᠬᠦᠯᠵᠣ ᠪᠦᠬᠦᠢ ᠪᠠᠴᠢᠮ ᠦᠶᠡᠰ ᠲᠤ ᠮᠦᠨ ᠠᠭᠤᠴᠢᠯᠠᠯ ᠶᠠᠪᠤᠭᠤᠯᠵᠣ ᠪᠤᠯᠤᠨ᠎ᠠ᠃ ᠡᠨᠡ ᠦᠶᠡᠰ ᠲᠤ ᠬᠡᠷᠪᠡ ︽ | ᠦᠰᠢᠶ᠎ᠠ ᠶᠢ ᠦᠰᠢᠶ᠎ᠠ ᠪᠠᠷ︾ ᠬᠡᠵᠣ ᠬᠠᠶᠢᠷ᠎ᠠ ᠨᠡᠶᠢᠷ ᠦᠬᠡᠢ ᠬᠠᠳᠠᠭᠤ ᠰᠢᠷᠣᠬᠦᠨ ᠰᠢᠬᠦᠮᠵᠢᠯᠠᠪᠠᠯ ᠵᠦᠷᠢᠴᠡᠯ ᠣᠯᠠᠮ ᠬᠤᠷᠴᠠ ᠪᠤᠯᠵᠣ᠂ ᠦᠷ᠎ᠠ ᠳ᠋ᠦᠡᠭ ᠨᠢ ᠮᠠᠭᠤ | ᠲᠠᠰᠢ ᠪᠠᠨ ᠬᠦᠭᠵᠢᠵᠤ ᠮᠡᠳᠡᠨ᠎ᠠ᠃ | ᠠᠳᠡ ᠬᠡᠯᠡᠵᠣ ᠪᠠᠶᠢᠭ᠎ᠠ ᠠᠭᠤᠴᠢᠯᠠᠯ ᠪᠤᠯ ᠶᠠᠮᠠᠷ ᠴᠣ᠋ ᠨᠦᠬᠦᠴᠡᠯ ᠱᠠᠭᠠᠷᠳᠠᠯᠭ᠎ᠠ ᠦᠬᠡᠢ ᠪᠠᠷ ᠬᠠᠶᠠᠨ ᠳᠤᠨᠢ ᠬᠠᠶᠠᠵᠣ᠂ ᠲᠠᠪᠠ ᠪᠠᠷ ᠨᠢ ᠲᠠᠯᠪᠢᠵᠣ | ᠬᠠᠶᠢᠬᠤᠷᠬᠤ ᠦᠬᠡᠢ ᠬᠡᠰᠡᠨ ᠶᠠᠪᠤᠳᠠᠯ ᠣᠬᠳᠣ ᠪᠢᠰᠢ᠃ ᠡᠬᠦᠨ ᠳᠤ ᠬᠠᠷᠢᠨ ᠨᠡᠩ ᠨᠠᠷᠢᠨ ᠨᠢᠮᠪᠠᠢ᠂ ᠨᠡᠩ ᠴᠢᠩᠭ᠎ᠠ ᠬᠦᠯᠢᠴᠡᠩᠭᠦᠢ᠂ ᠨᠡᠩ ᠬᠠᠯᠠᠭᠤᠨ ᠲᠣᠳᠣᠨᠣᠰᠤᠭ | ᠦᠵᠡᠯ ᠰᠠᠨᠠᠭᠠᠨ ᠤ ᠬᠦᠮᠣᠵᠢᠯ ᠤᠨ ᠠᠵᠢᠯ ᠱᠠᠭᠠᠷᠳᠠᠬᠳᠠᠨ᠎ᠠ᠃ ᠪᠠᠭᠰᠢ ᠠᠴᠠ ᠲᠠᠷᠣᠢ ᠠᠤᠭ᠎ᠠ ᠪᠠᠭᠳᠠᠭᠠᠮᠵᠢᠳᠣ ᠬᠡᠬᠦᠳᠡᠭ ᠴᠡᠭᠡᠵᠢ᠂ ᠬᠦᠨ ᠵᠣᠵᠠᠭᠠᠨ ᠬᠠᠶᠢᠷ᠎ᠠ | ᠰᠡᠳᠬᠢᠯᠭᠡ᠂ ᠢᠳᠬᠠᠨ ᠪᠢᠰᠢᠷᠡᠬᠦᠯᠬᠦ ᠬᠡᠯᠡ ᠬᠡᠯᠡᠯᠭᠡ ᠪᠠᠷ ᠰᠣᠷᠣᠬᠴᠢ ᠶᠢᠨ ᠠᠯᠳᠠᠭ᠎ᠠ ᠲᠣᠳᠠᠬᠳᠠᠯ ᠢ ᠣᠷᠠᠨ ᠲᠠᠮ ᠲᠠᠢ ᠵᠠᠯᠠᠷᠠᠭᠤᠯᠬᠤ ᠶᠢ ᠪᠠᠷᠢᠮᠳᠠᠯᠠᠵᠣ᠂ | ᠰᠣᠷᠣᠬᠴᠢ ᠶᠢᠨ ᠠᠯᠳᠠᠭ᠎ᠠ ᠲᠣᠳᠠᠬᠳᠠᠯ ᠠᠴᠠ ᠪᠤᠯᠤᠭᠰᠠᠠ ᠮᠠᠭᠤ ᠦᠷ᠎ᠠ ᠳ᠋ᠦ᠋ᠩ ᠢ ᠲᠠᠨᠢᠭᠤᠯᠵᠣ᠂ ᠰᠣᠷᠣᠭᠴᠢ ᠬᠦᠮᠣᠨ ᠤ ᠠᠮᠢᠳᠣᠷᠠᠯ ᠤᠨ ᠵᠠᠮ ᠣᠷᠳᠣ᠂ ᠢᠷᠡᠭᠡᠳᠣᠢ | ᠦᠢᠯᠡᠰ ᠰᠠᠷᠠᠭᠤᠯ ᠪᠤᠯᠬᠤ ᠶᠢ ᠪᠤᠳᠠᠳᠠᠢ ᠲᠠᠨᠢᠭᠤᠯᠬᠤ ᠬᠡᠷᠡᠭᠳᠡᠢ᠃ ᠠᠭᠤᠴᠢᠯᠠᠯ ᠳᠤ ᠬᠡᠯᠡ ᠬᠡᠯᠡᠯᠭᠡ ᠡᠶᠡᠯᠳᠡᠭ ᠵᠦᠭᠡᠯᠡᠨ᠂ ᠬᠦᠰᠡᠯ ᠱᠠᠭᠠᠷᠳᠠᠯᠭ᠎ᠠ ᠴᠢᠩᠭ᠎ᠠ ᠪᠤᠳᠠᠳᠠᠢ | ᠪᠠᠶᠢᠬᠤ ᠬᠡᠷᠡᠭᠳᠡᠢ᠃ ᠠᠭᠤᠴᠢᠯᠠᠯ ᠳᠤ ᠪᠠᠭᠰᠢ ᠶᠢᠨ ᠠᠭᠤᠵᠢᠮ ᠬᠦᠯᠢᠴᠡᠩᠬᠦᠢ ᠪᠠᠶᠢᠬᠤ ᠶᠠᠪᠤᠳᠠᠯ ᠲᠣᠯᠭᠠᠮ᠎ᠠ ᠱᠠᠭᠠᠷᠳᠠᠭᠳᠠᠨ᠎ᠠ᠃ ᠡᠶᠢᠮᠣ ᠪᠢᠰᠢ ᠪᠤᠯ ᠠᠭᠤᠴᠢᠯᠠᠯ ᠨᠢ | ᠬᠠᠳᠠᠭᠤ ᠰᠢᠷᠦᠬᠦᠨ ᠵᠢᠮᠠᠯᠠᠯ᠂ ᠬᠠᠶᠢᠷ᠎ᠠ ᠨᠡᠶᠢᠷ ᠦᠬᠡᠢ ᠰᠢᠬᠦᠮᠵᠢᠯᠠᠯ ᠢᠶᠠᠷ ᠣᠷᠣᠯᠠᠭᠤᠯᠣᠬᠳᠠᠬᠤ ᠪᠤᠯᠤᠨ᠎ᠠ᠃ | ᠲᠠᠷᠣᠢ ᠠᠭᠤᠴᠢᠯᠠᠯ ᠢᠶᠠᠷ ᠲᠠᠮᠵᠢᠨ ᠰᠣᠷᠭᠠᠨ ᠬᠦᠮᠣᠵᠢᠬᠦᠯᠬᠦ ᠪᠤᠯ ᠰᠦᠷᠳᠡᠬᠦᠯᠦᠯ ᠪᠢᠰᠢ ᠬᠠᠷᠢᠨ ᠶᠣᠰᠣ ᠣᠴᠢᠷ ᠢ ᠬᠦᠢᠴᠡᠳ ᠲᠣᠳᠣᠷᠬᠠᠢ ᠢᠯᠡᠷᠡᠬᠦᠯᠣᠨ | ᠶᠠᠷᠢᠬᠤ ᠶᠠᠪᠤᠴᠠ ᠮᠦᠨ᠃ | | |