ᠮᠣᠩᠭᠤᠯᠴᠤᠳ ᠤᠨ ᠪᠡᠯᠡᠭ ᠬᠦᠷᠭᠡᠬᠦ ᠶᠣᠰᠣᠨ ︵ᠨᠢᠭᠡ︶
ᠨᠡᠶᠢᠲᠡᠯᠡᠭᠰᠡᠨ ᠴᠠᠭ᠄
2024/4/1
      ᠮᠣᠩᠭᠤᠯᠴᠤᠳ ᠨᠢ ᠡᠷᠲᠡ ᠳᠡᠭᠡᠳᠦ ᠦᠶ᠎ᠡ ᠠᠴᠠ ᠪᠠᠨ ᠪᠡᠯᠡᠭ ᠢᠯᠡᠭᠡᠬᠦ ᠵᠠᠩ ᠵᠠᠩᠰᠢᠯ ᠢ ᠬᠦᠨᠳᠦᠳᠬᠡᠨ ᠬᠡᠷᠡᠭᠯᠡᠳᠡᠭ ᠪᠠᠶᠢᠵᠠᠢ᠃ ᠮᠣᠩᠭᠤᠯᠴᠤᠳ ᠤᠨ ᠨᠤᠲᠤᠭ ᠨᠢ ᠥᠷᠭᠡᠨ ᠠᠭᠤᠳᠠᠮ ᠪᠠᠶᠢᠵᠤ᠂ ᠰᠠᠭᠤᠷᠢᠰᠢᠯ ᠪᠠᠶᠢᠷᠢᠰᠢᠯ ᠲᠠᠷᠠᠬᠠᠢ᠂ ᠬᠤᠯᠠ ᠬᠤᠯᠠ ᠨᠤᠲᠤᠭᠯᠠᠳᠠᠭ ᠪᠥᠭᠡᠳ ᠬᠡᠦᠬᠡᠨ ᠦᠷ᠎ᠡ ᠪᠠᠨ ᠬᠠᠷᠢ ᠳᠤ ᠬᠤᠯᠠ ᠮᠣᠷᠳᠠᠭᠤᠯᠬᠤ ᠵᠡᠷᠭᠡ ᠰᠢᠯᠲᠠᠭᠠᠨ ᠢᠶᠠᠷ ᠬᠠᠷᠢᠯᠴᠠᠨ ᠠᠭᠤᠯᠵᠠᠵᠤ ᠤᠴᠠᠷᠠᠬᠤ ᠨᠢ ᠴᠤ ᠠᠶᠠᠨᠳᠠᠭᠠᠨ ᠴᠥᠭᠡᠨ ᠪᠣᠯᠴᠢᠬᠠᠳᠠᠭ᠃ ᠣᠯᠠᠩᠬᠢ ᠨᠢ ᠵᠢᠯ ᠴᠠᠭᠠᠨ ᠰᠠᠷ᠎ᠠ᠂ ᠪᠠᠶᠠᠷ ᠳᠤᠷᠠᠰᠬᠠᠯ ᠤᠨ ᠡᠳᠦᠷ ᠪᠤᠶᠤ ᠬᠤᠷᠢᠮ ᠨᠠᠶᠢᠷ ᠳᠤ ᠯᠡ ᠤᠴᠠᠷᠠᠨ᠎ᠠ᠂ ᠵᠠᠷᠢᠮ ᠨᠢ ᠴᠢᠨᠠᠭᠰᠢᠳᠠ ᠬᠡᠳᠦᠨ ᠵᠢᠯ‌ᠥᠩᠭᠡᠷᠡᠭᠡᠳ ᠰᠠᠶ᠋ᠢ ᠣᠯᠵᠤ ᠠᠭᠤᠯᠵᠠᠵᠤ ᠵᠣᠯᠭᠠᠳᠠᠭ ᠪᠣᠯᠬᠤᠷ ᠰᠠᠨᠠᠵᠤ ᠪᠣᠳᠣᠭᠰᠠᠨ ᠰᠡᠳᠬᠢᠯ ᠢᠶᠠᠨ ᠪᠡᠯᠡᠭ ᠬᠦᠷᠭᠡᠨ ᠭᠦᠢᠴᠡᠭᠡᠳᠡᠭ ᠪᠠᠶᠢᠵᠠᠢ᠃ ᠰᠠᠶᠢᠨ ᠰᠠᠶᠢᠬᠠᠨ ᠪᠠᠶᠢᠭ᠎ᠠ ᠪᠠᠨ ᠬᠠᠷᠢᠯᠴᠠᠨ ᠮᠡᠳᠡᠯᠴᠡᠬᠦ ᠨᠠᠨᠳᠢᠨ ᠪᠡᠯᠡᠭ ᠢ ᠵᠥᠪᠬᠡᠨ ᠲᠠᠨᠢᠬᠤ ᠲᠥᠷᠥᠯ ᠰᠠᠳᠤᠨ ᠪᠤᠶᠤ ᠨᠤᠲᠤᠭ ᠤᠨ ᠬᠥᠮᠦᠨ ᠢᠶᠠᠷ ᠯᠡ ᠳᠠᠮᠵᠢᠭᠤᠯᠳᠠᠭ᠃ ᠤᠴᠢᠷ ᠨᠢ᠂ ᠲᠡᠷᠡ ᠪᠣᠯ ᠰᠠᠶᠢᠨ ᠰᠠᠶᠢᠬᠠᠨ ᠤ ᠪᠡᠯᠭᠡᠳᠡᠯ ᠪᠣᠯᠳᠠᠭ᠃ ᠪᠡᠯᠡᠭ ᠨᠢ ᠪᠠᠭ᠎ᠠ ᠴᠤ ᠰᠡᠳᠬᠢᠯ ᠨᠢ ᠬᠦᠨᠳᠦ ᠪᠠᠶᠢᠳᠠᠭ᠃ ᠥᠩᠭᠡᠷᠡᠭᠰᠡᠨ ᠳᠤ ᠮᠣᠩᠭᠤᠯᠴᠤᠳ ᠪᠡᠯᠡᠭ ᠢ ᠲᠡᠭᠰᠢ ᠳᠥᠷᠪᠡᠯᠵᠢᠨ ᠪᠤᠶᠤ ᠤᠷᠲᠤ ᠳᠥᠷᠪᠡᠯᠵᠢᠨ ᠴᠡᠪᠡᠷ ᠲᠣᠬᠢᠯᠢᠭ ᠴᠠᠭᠠᠰᠤ ᠪᠠᠷ ᠪᠠᠭᠯᠠᠵᠤ᠂ ᠪᠡᠯᠡᠭ ᠤᠨ ᠢᠶᠠᠨ ᠠᠮᠠᠰᠠᠷ ᠲᠠᠯ᠎ᠠ ᠳᠤ ᠨᠢ ᠤᠯᠠᠭᠠᠨ ᠰᠢᠩᠬᠤ ᠪᠤᠶᠤ ᠤᠯᠠᠭᠠᠨ ᠴᠠᠭᠠᠰᠤ ᠨᠠᠭᠠᠵᠤ ᠪᠡᠯᠡᠭ ᠤᠨ ᠬᠦᠨᠳᠦᠳᠬᠡᠯ ᠪᠣᠯᠭᠠᠳᠠᠭ᠃ ᠪᠠᠰᠠ ᠤᠯᠠᠭᠠᠨ ᠴᠠᠭᠠᠰᠤ ᠪᠤᠶᠤ ᠤᠯᠠᠭᠠᠨ ᠤᠯᠠᠭᠠᠨ ᠪᠣᠳᠤᠭ ᠢᠶᠠᠷ ᠥᠯᠵᠡᠢ ᠵᠠᠩᠭᠢᠶ᠎ᠠ ᠪᠤᠶᠤ ᠬᠠᠰ ᠲᠠᠮᠠᠭ᠎ᠠ ᠵᠢᠷᠤᠵᠤ ᠪᠢᠲᠡᠭᠦᠮᠵᠢᠯᠡᠭᠡᠳ ᠳᠠᠮᠵᠢᠭᠤᠯᠬᠤ ᠬᠥᠮᠦᠨ ᠳᠡᠭᠡᠨ ᠠᠮᠠᠰᠠᠷ ᠢ ᠨᠢ ᠥᠭᠡᠳᠡ ᠠᠴᠠ ᠨᠢ ᠬᠠᠨᠳᠤᠭᠤᠯᠵᠤ ᠥᠭᠭᠦᠭᠡᠳ ᠪᠡᠯᠡᠭ ᠢ ᠨᠢ ᠲᠣᠰᠴᠤ ᠬᠤᠷᠢᠶᠠᠬᠤ ᠰᠠᠳᠤᠨ ᠲᠥᠷᠥᠯ᠂ ᠨᠠᠶᠢᠵᠠ ᠨᠥᠬᠦᠳ ᠤᠨ ᠢᠶᠠᠨ ᠭᠠᠵᠠᠷ ᠣᠷᠣᠨ᠂ ᠨᠡᠷ᠎ᠡ ᠣᠪᠣᠭ ᠢ ᠨᠢ ᠲᠣᠳᠣᠷᠬᠠᠢ ᠬᠡᠯᠡᠵᠦ ᠥᠭᠳᠡᠭ᠃ ᠪᠡᠯᠡᠭ ᠢ ᠳᠠᠮᠵᠢᠭᠤᠯᠬᠤ ᠬᠥᠮᠦᠨ ᠨᠢ ᠠᠰᠠᠭᠤᠵᠤ ᠰᠤᠷᠠᠨ ᠶᠠᠪᠤᠭᠰᠠᠭᠠᠷ ᠲᠤᠬᠠᠢ ᠶᠢᠨ ᠭᠠᠵᠠᠷ ᠲᠤᠨᠢ ᠬᠦᠷᠴᠦ᠂ ᠲᠤᠰ ᠬᠥᠮᠦᠨ ᠳᠤ ᠨᠢ ᠭᠠᠷᠳᠠᠭᠤᠯᠬᠤ ᠳᠠᠭᠠᠨ ᠪᠡᠯᠡᠭ ᠤᠨ ᠠᠮᠠ ᠶᠢ ᠮᠥᠨ ᠥᠭᠡᠳᠡ ᠠᠴᠠ ᠨᠢ ᠬᠠᠨᠳᠤᠭᠤᠯᠤᠨ ᠲᠤᠰᠢᠶᠠᠵᠤ᠂ ᠪᠡᠯᠡᠭ ᠢᠯᠡᠭᠡᠭᠰᠡᠨ ᠬᠥᠮᠦᠨ ᠤ ᠣᠪᠣᠭ ᠨᠡᠷ᠎ᠡ ᠂ ᠣᠷᠣᠨ ᠰᠠᠭᠤᠴᠠ ᠶᠢ ᠲᠣᠳᠣᠷᠬᠠᠢ ᠶᠠᠷᠢᠵᠤ᠂ ᠠᠶᠢᠯ ᠰᠠᠭᠠᠯᠲᠠ ᠠᠮᠤᠷ ᠰᠠᠶᠢᠬᠠᠨ᠂ ᠠᠯᠪᠠ ᠪᠦᠬᠦᠨ ᠠᠮᠵᠢᠯᠲᠠ ᠲᠠᠢ ᠰᠠᠶᠢᠨ ᠭᠡᠵᠦ ᠪᠡᠯᠭᠡᠳᠡᠨ ᠶᠠᠷᠢᠳᠠᠭ᠃ ᠪᠡᠯᠡᠭ ᠲᠣᠰᠤᠭᠰᠠᠨ ᠬᠥᠮᠦᠨ ᠲᠤᠩ ᠪᠠᠶᠠᠷᠲᠠᠢ ᠬᠦᠯᠢᠶᠡᠨ ᠠᠪᠤᠭᠠᠳ ᠵᠡᠭᠦᠨ ᠡᠮᠦᠨᠡᠬᠢ ᠬᠤᠷᠭᠤ ᠳᠡᠭᠡᠷ᠎ᠡ ᠬᠦᠨᠳᠦᠳᠬᠡᠨ ᠲᠠᠯᠪᠢᠨ᠎ᠠ᠃ ᠥᠩᠭᠡᠷᠡᠭᠰᠡᠨ ᠳᠤ ᠮᠣᠩᠭᠤᠯ ᠭᠡᠷ ᠤᠨ ᠵᠡᠭᠦᠨ ᠪᠤᠶᠤ ᠵᠡᠭᠦᠨ ᠡᠮᠦᠨ᠎ᠡ ᠲᠠᠯ᠎ᠠ ᠪᠣᠯ ᠬᠠᠮᠤᠭ ᠤᠨ ᠬᠦᠨᠳᠦᠲᠡᠢ ᠵᠦᠭ ᠪᠠᠶᠢᠳᠠᠭ᠃ ᠢᠩᠭᠢᠭᠡᠳ ᠪᠡᠯᠡᠭ ᠬᠦᠷᠭᠡᠵᠦ ᠢᠷᠡᠭᠰᠡᠨ ᠬᠥᠮᠦᠨ ᠢ ᠲᠥᠷᠥᠯ ᠰᠠᠳᠤᠨ ᠢᠶᠠᠨ ᠢᠷᠡᠭᠰᠡᠨ ᠰᠢᠭ ᠬᠦᠨᠳᠦᠳᠬᠡᠵᠦ᠂ ᠠᠶᠢᠯ ᠠᠶᠢᠮᠠᠭ᠂ ᠡᠯᠢᠭᠡᠨ ᠰᠠᠳᠤᠨ᠂ ᠨᠤᠲᠤᠭ ᠤᠰᠤᠨ᠂ ᠮᠠᠯ ᠠᠬᠤᠢ ᠶᠢᠨ ᠵᠣᠭᠤᠭ ᠳᠡᠯᠭᠡᠵᠦ᠂ ᠬᠤᠨᠢ ᠨᠢᠲᠤᠯᠵᠤ᠂ ᠱᠥᠯᠥ ᠪᠡᠯᠡᠳᠬᠡᠨ᠂ ᠠᠮᠲᠠᠲᠤ ᠢᠳᠡᠭᠡᠨ ᠤ ᠪᠠᠨ ᠳᠡᠭᠡᠵᠢ ᠪᠠᠷ ᠵᠣᠴᠢᠯᠠᠨ ᠳᠠᠶᠢᠯᠠᠵᠤ᠂ ᠵᠤᠷᠰᠢᠯ ᠶᠣᠰᠣᠭᠠᠷ ᠬᠠᠷᠢᠭᠤ ᠪᠡᠯᠡᠭ ᠪᠣᠭᠤᠵᠤ ᠶᠠᠪᠤᠭᠤᠯᠳᠠᠭ ᠪᠠᠶᠢᠵᠠᠢ᠃ ᠪᠡᠯᠡᠭ ᠬᠦᠷᠭᠡᠵᠦ ᠢᠷᠡᠭᠰᠡᠨ ᠵᠣᠴᠢᠨ ᠢᠶᠠᠨ ᠮᠣᠷᠳᠠᠭᠤᠯᠤᠭᠰᠠᠨ ᠤ ᠳᠠᠷᠠᠭ᠎ᠠ ᠰᠠᠶ᠋ᠢ ᠲᠣᠰᠤᠭᠰᠠᠨ ᠪᠡᠯᠡᠭ ᠢᠶᠠᠨ ᠵᠠᠳᠠᠯᠵᠤ᠂ ᠬᠡᠦᠬᠡᠳ ᠠᠴᠢ ᠨᠠᠷ ᠲᠠᠭᠠᠨ ᠪᠡᠯᠡᠭ ᠢᠯᠡᠭᠡᠭᠰᠡᠨ ᠬᠥᠮᠦᠨ ᠬᠡᠨ ᠪᠣᠯᠬᠤ᠂ ᠬᠠᠷᠢᠴᠠᠭ᠎ᠠ ᠳᠠᠭᠤᠳᠠᠯᠭ᠎ᠠ ᠶᠢ ᠨᠠᠷᠢᠨ ᠲᠠᠨᠢᠯᠴᠠᠭᠤᠯᠤᠨ ᠥᠭᠴᠦ᠂ ᠦᠷᠭᠦᠯᠵᠢ ᠬᠠᠷᠢᠯᠴᠠᠵᠤ ᠶᠠᠪᠤᠯᠴᠠᠬᠤ ᠶᠢ ᠰᠠᠨᠠᠭᠤᠯᠤᠨ ᠵᠠᠬᠢᠳᠠᠭ᠃ ᠬᠠᠷᠢᠭᠤ ᠪᠡᠯᠡᠭ ᠢ ᠲᠣᠰᠴᠤ ᠠᠪᠤᠭᠰᠠᠨ ᠬᠥᠮᠦᠨ ᠨᠢ ᠠᠵᠢᠯ ᠶᠠᠪᠤᠳᠠᠯ ᠢᠶᠠᠨ ᠪᠠᠷᠠᠭᠠᠴᠢᠬᠠᠭᠠᠳ ᠪᠤᠴᠠᠭᠰᠠᠨ ᠤ ᠬᠤᠶᠢᠨ᠎ᠠ ᠬᠠᠷᠢᠭᠤ ᠪᠡᠯᠡᠭ ᠢ ᠨᠢ ᠭᠠᠷᠳᠠᠭᠤᠯᠤᠭᠠᠳ ᠦᠵᠡᠵᠦ ᠰᠣᠨᠣᠰᠤᠭᠰᠠᠨ ᠢᠶᠠᠨ ᠶᠠᠷᠢᠵᠤ᠂ ᠳᠠᠮᠵᠢᠭᠤᠯᠤᠭᠰᠠᠨ ᠦᠭᠡ ᠶᠢ ᠨᠢ ᠲᠡᠷᠡ ᠶᠣᠰᠣᠭᠠᠷ ᠨᠢ ᠳᠠᠮᠵᠢᠭᠤᠯᠬᠤ ᠶᠢᠨ ᠬᠠᠮᠲᠤ ᠡᠭᠦᠷᠭᠡ ᠬᠠᠷᠢᠭᠤᠴᠠᠯᠭ᠎ᠠ ᠪᠠᠨ ᠬᠦᠨᠳᠦᠳᠬᠡᠨ ᠪᠡᠶᠡᠯᠡᠭᠦᠯᠳᠡᠭ᠃  
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ