ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠨᠢᠭᠡ︶
ᠨᠡᠶᠢᠲᠡᠯᠡᠭᠰᠡᠨ ᠴᠠᠭ᠄
2024/4/15
      ᠬᠤᠨᠢᠨ ᠬᠤᠷᠢᠶ᠎ᠠ - ᠬᠤᠨᠢ ᠬᠤᠷᠢᠬᠤ ᠬᠦᠷᠢᠶ᠎ᠡ᠃ ᠰᠠᠷᠠᠪᠴᠢ - ᠬᠤᠨᠢᠨ ᠬᠤᠷᠢᠶᠠᠨ ᠤ ᠳᠤᠯᠠᠭᠠᠨ ᠫᠧᠩ ᠲᠥᠯ ᠤᠨ ᠪᠥᠬᠦᠭᠡᠭ - ᠲᠥᠯ ᠬᠤᠷᠢᠬᠤ ᠨᠠᠮᠬᠠᠨ ᠰᠢᠪᠠᠷ ᠭᠡᠷ᠃ ᠣᠳᠣ ᠪᠦᠷ ᠲᠥᠯ ᠤᠨ ᠫᠧᠩ ᠭᠡᠵᠦ ᠪᠤᠢ᠃ ᠲᠥᠯ ᠤᠨ ᠤᠭᠤᠲᠠ - ᠬᠤᠨᠢ ᠲᠥᠯᠯᠡᠬᠦ ᠦᠶ᠎ᠡ᠂ ᠬᠤᠷᠠᠭ᠎ᠠ ᠶᠢ ᠬᠥᠯᠳᠡᠵᠦ ᠪᠡᠭᠡᠷᠡᠬᠦ ᠠᠴᠠ ᠬᠢᠴᠢᠶᠡᠵᠦ ᠲᠤᠰᠬᠠᠢ ᠬᠢᠭᠰᠡᠨ ᠢᠰᠡᠭᠡᠢ ᠰᠠᠪᠠ᠃ ᠮᠠᠯ ᠢᠶᠠᠨ ᠪᠡᠯᠴᠢᠭᠡᠵᠦ ᠶᠠᠪᠤᠬᠤ ᠳᠠᠭᠠᠨ ᠬᠤᠨᠢᠴᠢᠨ ᠡᠭᠦᠷᠴᠦ ᠶᠠᠪᠤᠳᠠᠭ᠃ ᠲᠥᠯ ᠡᠪᠡᠰᠦᠯᠡᠬᠦ - ᠲᠥᠯ ᠤᠨ ᠪᠥᠬᠦᠭᠡᠭ ᠤᠨ ᠤᠨᠢ ᠨᠢᠷᠤᠭᠤ ᠪᠤᠶᠤ ᠬᠤᠷᠢᠶ᠎ᠠ ᠶᠢᠨ ᠬᠠᠨ᠎ᠠ ᠠᠴᠠ ᠡᠪᠡᠰᠦ ᠶᠢ ᠬᠤᠷᠤᠭᠤ ᠬᠢᠷᠢ ᠵᠢᠵᠢᠭ ᠵᠢᠵᠢᠭ ᠢᠶᠠᠷ ᠪᠣᠭᠤᠵᠤ ᠡᠯᠭᠦᠬᠦ᠃ ᠬᠥᠭᠡᠨ᠎ᠡ - ᠬᠤᠷᠠᠭ᠎ᠠ ᠢᠰᠢᠭᠡ ᠤᠶᠠᠬᠤ ᠬᠡᠷᠡᠭᠰᠡᠯ᠃ ᠬᠤᠨᠢᠨ ᠬᠥᠯᠯᠡᠭᠡ - ᠬᠤᠨᠢ ᠨᠣᠣᠰᠣᠯᠠᠬᠤ ᠳᠤ ᠭᠤᠷᠪᠠᠨ ᠬᠥᠯ ᠢ ᠨᠢ ᠪᠠᠷᠢᠵᠤ ᠤᠶᠠᠳᠠᠭ᠃ ᠡᠨᠡᠬᠦ ᠳᠡᠭᠡᠰᠦ ᠶᠢ ᠬᠥᠯᠯᠡᠭᠡ ᠭᠡᠨ᠎ᠡ᠃ 
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ