ᠮᠣᠩᠭᠤᠯᠴᠤᠳ ᠤᠨ ᠬᠤᠨᠢ ᠢᠮᠠᠭ᠎ᠠ ᠦᠬᠡᠷ ᠲᠤ ᠬᠡᠷᠡᠭᠯᠡᠬᠦ ᠡᠳ᠋ᠯᠡᠯ ᠬᠡᠷᠡᠭᠰᠡᠯ ︵ᠬᠤᠶᠠᠷ︶
ᠨᠡᠶᠢᠲᠡᠯᠡᠭᠰᠡᠨ ᠴᠠᠭ᠄
2024/4/22
      ᠬᠤᠨᠢᠨ ᠬᠠᠶᠢᠴᠢ - ᠬᠤᠨᠢ ᠨᠣᠣᠰᠣᠯᠠᠬᠤ ᠳᠤ ᠬᠡᠷᠡᠭᠯᠡᠳᠡᠭ ᠪᠠᠭᠠᠵᠢ᠃ ᠬᠤᠨᠢᠨ ᠬᠤᠯᠪᠣᠭᠤᠷ - ᠬᠤᠨᠢ ᠰᠠᠭᠠᠬᠤ ᠳᠤ ᠬᠤᠶᠠᠷ ᠬᠤᠶᠠᠷ ᠢᠶᠠᠷ ᠨᠢ ᠲᠣᠯᠣᠭᠠᠢ ᠶᠢ ᠨᠢ ᠵᠥᠷᠢᠭᠦᠯᠦᠨ ᠬᠡᠯᠬᠢᠶᠡᠯᠡᠬᠦ ᠳᠡᠭᠡᠰᠦ᠃ ᠰᠠᠮ - ᠢᠮᠠᠭᠠᠨ ᠤ ᠨᠣᠣᠯᠣᠭᠤᠷ ᠢ ᠮᠠᠭᠠᠵᠢᠨ ᠰᠠᠮᠨᠠᠵᠤ ᠠᠪᠬᠤ ᠲᠡᠮᠦᠷ ᠬᠡᠷᠡᠭᠰᠡᠯ᠃ ᠱᠦᠭᠦᠷ - ᠦᠯᠡᠳᠡᠭᠰᠡᠨ ᠨᠣᠣᠯᠣᠭᠤᠷ ᠢ ᠱᠦᠭᠦᠷᠳᠡᠨ ᠠᠪᠬᠤ ᠪᠠᠭ᠎ᠠ ᠰᠠᠮ ᠢ ᠵᠢᠭᠠᠵᠤ ᠪᠤᠢ᠃ ᠭᠠᠳᠠᠰᠤ - ᠰᠠᠮᠨᠠᠬᠤ ᠢᠮᠠᠭ᠎ᠠ ᠪᠠᠨ ᠬᠦᠯᠢᠭᠰᠡᠨ ᠤ ᠳᠠᠷᠠᠭ᠎ᠠ ᠭᠠᠵᠠᠷ ᠲᠤ ᠱᠠᠭᠠᠭᠰᠠᠨ ᠲᠡᠮᠦᠷ ᠭᠠᠳᠠᠰᠤᠨ ᠠᠴᠠ ᠤᠶᠠᠵᠤ ᠴᠢᠩᠭᠠᠭᠠᠵᠤ ᠪᠠᠶᠢᠭᠠᠳ ᠰᠠᠮᠨᠠᠳᠠᠭ᠃ ᠰᠣᠷᠯᠠᠬᠤ - ᠢᠮᠠᠭᠠᠨ ᠤ ᠨᠣᠣᠯᠣᠭᠤᠷ ᠢ ᠠᠮᠠᠷᠬᠠᠨ ᠰᠠᠮᠨᠠᠬᠤ ᠶᠢᠨ ᠲᠥᠯᠥᠭᠡ ᠤᠷᠢᠳ ᠢᠶᠠᠷ ᠰᠣᠷ ᠢ ᠨᠢ ᠦᠵᠦᠭᠦᠷ ᠢᠶᠠᠷ ᠨᠢ ᠬᠢᠷᠠᠭᠠᠨ ᠬᠠᠶᠢᠴᠢᠯᠠᠬᠤ ᠶᠢ ᠰᠣᠷᠯᠠᠬᠤ ᠭᠡᠳᠡᠭ᠃ ᠰᠠᠭᠠᠯᠢ ᠶᠢᠨ ᠰᠠᠭᠤᠯᠠᠭ᠎ᠠ - ᠦᠨᠢᠶ᠎ᠡ ᠮᠠᠯ ᠰᠠᠭᠠᠬᠤ ᠳᠤ ᠵᠣᠷᠢᠭᠤᠯᠤᠭᠰᠠᠨ ᠪᠢᠴᠢᠬᠠᠨ ᠮᠣᠳᠣᠨ ᠰᠠᠪᠠ᠃ ᠪᠠᠰᠠ ᠪᠣᠷᠳᠣᠭᠤ ᠭᠡᠳᠡᠭ᠃ ᠪᠦᠰᠡᠯᠡᠭᠦᠷ - ᠰᠠᠭᠤᠯᠠᠭ᠎ᠠ ᠶᠢᠨ ᠮᠣᠳᠣ ᠶᠢ ᠲᠣᠭᠲᠠᠭᠠᠨ ᠪᠠᠬᠢᠯᠡᠭᠰᠡᠨ ᠲᠡᠮᠦᠷ ᠪᠤᠶᠤ ᠭᠠᠤᠯᠢᠨ ᠴᠠᠭᠠᠷᠢᠭ᠃ ᠬᠤᠶᠠᠷ ᠪᠤᠶᠤ ᠭᠤᠷᠪᠠ ᠪᠠᠶᠢᠳᠠᠭ᠃  
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ