ᠤᠯᠠᠭᠠᠨᠪᠠᠯᠭᠠᠰᠣ ᠶᠢᠨ ᠤᠯᠠᠭᠠᠨ ᠨᠡᠶᠢᠭᠡᠮ ᠲᠣᠭᠤᠷᠢᠭ ᠨᠠᠰᠤᠨ ᠳᠤ ᠥᠯᠥ ᠭᠦᠷᠦᠭᠰᠡᠳ ᠤᠨ DIY ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/4/24
      ᠬᠡᠦᠬᠡᠳ ᠪᠠᠭᠠᠴᠤᠳ ᠤᠨ ᠤᠷᠭᠤᠮᠠᠯ ᠢ ᠬᠠᠶᠢᠷᠠᠯᠠᠨ ᠬᠠᠮᠠᠭᠠᠯᠠᠬᠤ ᠤᠬᠠᠮᠰᠠᠷ ᠢ ᠴᠢᠩᠭᠠᠳᠬᠠᠵᠤ᠂ ᠭᠠᠷ ᠬᠥᠳᠡᠯᠬᠦ ᠴᠢᠳᠠᠪᠤᠷᠢ ᠶᠢ ᠨᠡᠮᠡᠭᠳᠡᠭᠦᠯᠬᠦ ᠶᠢᠨ ᠲᠥᠯᠥᠭᠡ᠂ ᠤᠯᠠᠭᠠᠨ ᠨᠡᠶᠢᠭᠡᠮ ᠲᠣᠭᠤᠷᠢᠭ ᠤᠨ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠦᠷᠳᠡᠭᠡ ︽ᠬᠦᠭᠡᠷᠦᠬᠡᠨ ᠤᠷᠭᠤᠮᠠᠯ  ᠪᠠᠶᠠᠷᠲᠤ ᠮᠥᠴᠡ︾ ᠮᠢᠠᠬᠲᠤ ᠤᠷᠭᠤᠮᠠᠯ ᠢ ᠫᠧᠩᠰᠡᠨ ᠳᠤ ᠵᠠᠶᠢᠯᠠᠬᠤ ᠠᠵᠢᠯᠯᠠᠭ᠎ᠠ ᠥᠷᠨᠢᠭᠦᠯᠪᠡ᠃      ᠬᠡᠦᠬᠡᠳ ᠤᠳ ᠰᠠᠶᠢᠨ ᠳᠤᠷᠠᠴᠣᠳ ᠤᠨ ᠤᠷᠭᠤᠮᠠᠯ ᠲᠠᠷᠢᠬᠤ ᠳᠤ ᠪᠡᠯᠡᠳᠬᠡᠭᠰᠡᠨ ᠡᠯ᠎ᠡ ᠵᠦᠢᠯ ᠤᠨ ᠬᠡᠷᠡᠭᠰᠡᠯ ᠢ ᠠᠪᠤᠭᠰᠠᠨ ᠤ ᠳᠠᠷᠠᠭ᠎ᠠ᠂ ᠮᠢᠬᠠᠲᠤ ᠤᠷᠭᠤᠮᠠᠯ ᠢᠶᠠᠨ ᠶᠠᠭᠠᠷᠠᠯᠲᠠᠶᠢᠬᠠᠨ ᠵᠠᠶᠢᠯᠠᠵᠤ  ᠡᠬᠢᠯᠡᠪᠡ᠃ ᠰᠢᠷᠣᠢ ᠳᠡᠪᠢᠰᠬᠦ ᠠᠴᠠ ᠠᠪᠤᠭᠠᠳ ᠬᠠᠶᠢᠷ ᠴᠢᠯᠠᠭᠤ ᠪᠠᠷ ᠴᠢᠮᠡᠭᠯᠡᠬᠦ ᠬᠦᠷᠲᠡᠯ᠎ᠡ᠂ ᠰᠠᠶᠢᠨ ᠳᠤᠷᠠᠴᠣᠳ ᠪᠣᠯᠣᠨ ᠭᠡᠷ ᠤᠨ ᠠᠬᠠᠮᠠᠳ ᠲᠤᠬᠠᠢ ᠶᠢᠨ ᠲᠠᠯᠠᠪᠤᠷ ᠤᠨ ᠪᠢᠴᠢᠬᠠᠨ ᠨᠠᠶᠢᠵᠠ ᠨᠢᠭᠡᠪᠦᠷᠢ ᠶᠢ ᠬᠦᠯᠢᠴᠡᠩᠭᠦᠢ ᠪᠠᠷ ᠬᠠᠪᠰᠤᠷᠤᠨ ᠵᠢᠯᠤᠭᠤᠳᠪᠠ᠃ ᠫᠧᠩᠰᠡᠨ ᠳᠤ ᠰᠠᠭᠤᠯᠭᠠᠭᠰᠠᠨ ᠮᠢᠠᠬᠲᠤ ᠤᠷᠭᠤᠮᠠᠯ ᠢᠶᠠᠨ ᠬᠠᠷᠠᠭᠰᠠᠨ ᠬᠡᠦᠬᠡᠳ ᠤᠨ ᠴᠢᠷᠠᠢ ᠳᠤ ᠪᠠᠶᠠᠷ ᠤᠨ ᠮᠥᠰᠢᠶᠡᠯ ᠲᠣᠳᠣᠷᠠᠨ᠎ᠠ᠂ ᠤᠷᠭᠤᠮᠠᠯ ᠢᠶᠠᠨ ᠨᠢᠮᠪᠡᠢ ᠬᠠᠷᠠᠭᠠᠯᠵᠠᠵᠤ ᠪᠠᠶᠢᠭ᠎ᠠ ᠬᠡᠦᠬᠡᠳ ᠤᠳ ᠢ ᠬᠠᠷᠠᠭᠰᠠᠨ ᠨᠢᠭᠡᠨ ᠭᠡᠷ ᠤᠨ ᠠᠬᠠᠮᠠᠳ᠄ ︽ᠲᠤᠰ ᠤᠳᠠᠭᠠᠨ ᠤ ᠠᠵᠢᠯᠯᠠᠭ᠎ᠠ ᠪᠠᠷ ᠬᠡᠦᠬᠡᠳ ᠤᠳ ᠲᠠᠷᠢᠮᠠᠯ ᠲᠠᠷᠢᠬᠤ ᠶᠢᠨ ᠬᠠᠪᠤ ᠴᠡᠩᠭᠡᠯ ᠢ ᠪᠡᠶ᠎ᠡ ᠪᠠᠷ ᠢᠶᠠᠨ ᠣᠶᠢᠯᠠᠭᠠᠵᠤ᠂ ᠬᠡᠷᠬᠢᠨ ᠳᠠᠷᠢᠵᠤ ᠠᠷᠠᠴᠢᠯᠠᠬᠤ ᠶᠢ ᠰᠤᠷᠴᠠᠢ᠂ ᠬᠤᠵᠢᠮ ᠥᠪᠡᠷ ᠢᠶᠠᠨ ᠬᠠᠷᠠᠭᠠᠯᠵᠠᠵᠤ ᠬᠠᠷᠢᠭᠤᠴᠠᠬᠤ ᠪᠣᠯᠣᠨ᠎ᠠ︾ ᠭᠡᠵᠤ ᠶᠠᠷᠢᠵᠤ ᠪᠠᠶᠢᠯ᠎ᠠ᠃      ᠲᠣᠰ ᠤᠳᠠᠭᠠᠨ ᠤ ᠠᠵᠢᠯᠯᠠᠭ᠎ᠠ ᠨᠢ ᠬᠡᠦᠬᠡᠳ ᠤᠨ ᠬᠢᠴᠢᠶᠡᠯ ᠤᠨ ᠭᠠᠳᠠᠨᠠᠬᠢ ᠰᠤᠯᠠ ᠰᠡᠯᠡᠭᠦᠦ ᠴᠠᠭ ᠤᠨ ᠠᠮᠢᠳᠤᠷᠠᠯ ᠢ ᠪᠠᠶᠠᠯᠢᠭᠵᠢᠭᠤᠯᠵᠤ᠂ ᠥᠪᠡᠷ ᠢᠶᠠᠨ ᠭᠠᠷ ᠬᠥᠳᠡᠯᠵᠦ ᠬᠢᠬᠦ ᠶᠠᠪᠤᠴᠠ ᠳᠠᠬᠢ ᠬᠥᠳᠡᠯᠮᠦᠷᠢ ᠶᠢᠨ ᠬᠠᠪᠤ ᠴᠡᠩᠭᠡᠯ ᠢ ᠣᠶᠢᠯᠠᠭᠠᠭᠤᠯᠤᠨ᠂ ᠬᠡᠦᠬᠡᠳ ᠤᠨ ᠭᠠᠷ ᠬᠥᠳᠡᠯᠬᠦ ᠴᠢᠳᠠᠪᠤᠷᠢ ᠪᠠ ᠤᠷᠭᠤᠮᠠᠯ ᠢ ᠬᠠᠶᠢᠷᠠᠯᠠᠬᠤ ᠤᠬᠠᠮᠰᠠᠷ ᠢ ᠳᠡᠭᠡᠭᠰᠢᠯᠡᠭᠦᠯᠪᠡ᠃ 
ᠢᠷᠡᠯᠲᠡ᠄ ᠤᠯᠠᠭᠠᠨᠪᠠᠯᠭᠠᠰᠣ