ᠰᠢᠬᠢᠷ ᠡᠪᠡᠰᠦ
ᠨᠡᠶᠢᠲᠡᠯᠡᠭᠰᠡᠨ ᠴᠠᠭ᠄
2024/4/26
      ᠪᠤᠷᠴᠠᠭ ᠤᠨ ᠢᠵᠠᠭᠤᠷ᠂ ᠰᠢᠬᠢᠷ ᠡᠪᠡᠰᠦ ᠶᠢᠨ ᠲᠥᠷᠥᠯ᠃ ᠣᠯᠠᠨ ᠨᠠᠰᠤᠲᠤ ᠡᠪᠡᠰᠦᠯᠢᠭ ᠤᠷᠭᠤᠮᠠᠯ᠂ 6 — 7 ᠳ᠋ᠤᠭᠠᠷ ᠰᠠᠷ᠎ᠠ ᠳᠤ ᠴᠡᠴᠡᠭᠯᠡᠵᠦ᠂ 7 — 9 ᠳ᠋ᠦ᠋ᠭᠡᠷ ᠰᠠᠷ᠎ᠠ ᠳᠤ ᠦᠷᠡᠯᠡᠨ᠎ᠡ᠃      ᠳᠤᠮᠳᠠ ᠵᠡᠷᠭᠡ ᠶᠢᠨ ᠭᠠᠩᠰᠠᠭ ᠤᠷᠭᠤᠮᠠᠯ ᠪᠣᠯᠣᠨ᠎ᠠ᠃ ᠡᠷᠲᠡᠨ ᠤ ᠭᠠᠵᠠᠷ ᠤᠨ ᠳᠤᠮᠳᠠᠳᠤ ᠲᠠᠩᠭᠢᠰ ᠤᠨ ᠲᠠᠷᠬᠠᠯᠲᠠ ᠶᠢᠨ ᠲᠦᠷᠰᠦ ᠮᠥᠨ᠃ ᠪᠦᠬᠦ ᠬᠤᠰᠢᠭᠤᠨ ᠤ ᠡᠯ᠎ᠡ ᠭᠠᠵᠠᠷ ᠲᠤ ᠤᠷᠭᠤᠳᠠᠭ᠃ ᠪᠠᠶᠠᠨᠪᠤᠯᠠᠭ ᠣᠷᠴᠢᠮ ᠢᠶᠠᠷ ᠢᠯᠡᠭᠦᠦ ᠨᠢᠭᠲᠠ ᠪᠠᠶᠢᠳᠠᠭ᠃      ᠢᠳᠡᠭᠡᠨ ᠪᠣᠯᠪᠠᠰᠤᠷᠠᠭᠤᠯᠬᠤ ᠠᠵᠦ ᠦᠢᠯᠡᠳᠪᠦᠷᠢ ᠳᠡᠭᠡᠷ᠎ᠡ ᠫᠢᠸᠤ᠋ ᠶᠢᠨ ᠬᠥᠭᠡᠰᠦᠷᠡᠭᠦᠯᠦᠭᠴᠢ ᠡᠳ᠋ ᠪᠤᠶᠤ ᠵᠢᠶᠠᠩᠶ᠋ᠢᠦ᠂ ᠰᠢᠬᠢᠷᠯᠡᠭᠰᠡᠨ ᠵᠢᠮᠢᠰ ᠤᠨ ᠦᠨᠦᠷᠲᠦ ᠡᠳ᠋ ᠬᠢᠵᠦ ᠪᠣᠯᠬᠤ ᠪᠥᠭᠡᠳ ᠭᠠᠯ ᠤᠨᠲᠠᠷᠠᠭᠠᠭᠤᠷ ᠤᠨ ᠬᠥᠭᠡᠰᠦᠷᠡᠭᠦᠯᠦᠭᠴᠢ ᠡᠳ᠋᠂ ᠶᠠᠨᠵᠤᠤᠷ ᠲᠠᠮᠠᠬᠢᠨ ᠤ ᠦᠨᠦᠷᠲᠦ ᠡᠳ᠋ ᠬᠢᠵᠦ ᠪᠣᠯᠣᠨ᠎ᠠ᠃ ᠮᠥᠨ ᠴᠤ ᠳᠤᠮᠳᠠ ᠵᠡᠷᠭᠡ ᠶᠢᠨ ᠲᠡᠵᠢᠭᠡᠯ ᠤᠷᠭᠤᠮᠠᠯ ᠮᠥᠨ᠃ ᠴᠣᠮᠤᠷᠯᠢᠭᠳᠤᠬᠤ ᠠᠴᠠ ᠡᠮᠦᠨ᠎ᠡ ᠲᠡᠮᠡᠭᠡ ᠢᠳᠡᠬᠦ ᠳᠤᠷᠠᠲᠠᠢ᠂ ᠬᠤᠨᠢ ᠢᠮᠠᠭ᠎ᠠ ᠴᠤ ᠢᠳᠡᠳᠡᠭ᠂ ᠪᠠᠭ᠎ᠠ ᠬᠠᠲᠠᠭᠰᠠᠨ ᠤ ᠳᠠᠷᠠᠭ᠎ᠠ ᠡᠯ᠎ᠡ ᠲᠥᠷᠥᠯ ᠤᠨ ᠭᠡᠷ ᠤᠨ ᠲᠡᠵᠢᠭᠡᠪᠦᠷᠢ ᠪᠦᠷ ᠢᠳᠡᠳᠡᠭ᠃ ᠬᠤᠨᠢ ᠢᠮᠠᠭ᠎ᠠ ᠪᠤᠷᠴᠠᠭ ᠵᠢᠮᠢᠰ ᠢ ᠨᠢ ᠨᠡᠩ ᠴᠤ ᠢᠳᠡᠬᠦ ᠳᠤᠷᠠᠲᠠᠢ᠃ ᠬᠠᠲᠤᠵᠦ ᠬᠠᠲᠠᠭᠠᠭᠠᠳ ᠲᠥᠯ ᠮᠠᠯ ᠲᠡᠵᠢᠭᠡᠬᠦ ᠳᠤ ᠬᠠᠮᠤᠭ ᠤᠨ ᠰᠠᠶᠢᠨ ᠦᠷ᠎ᠡ ᠠᠰᠢᠭ ᠲᠠᠢ᠃ ᠦᠨᠳᠦᠰᠦ ᠨᠢ ᠡᠮ ᠳᠤ ᠣᠷᠣᠨ᠎ᠠ᠃      ᠰᠢᠬᠢᠷ ᠡᠪᠡᠰᠦ ᠪᠣᠯ ᠴᠢᠬᠤᠯᠠ ᠪᠠᠶᠢᠩᠭᠤ ᠬᠡᠷᠡᠭᠯᠡᠳᠡᠭ ᠡᠮ ᠤᠨ ᠮᠠᠲ᠋ᠧᠷᠢᠶᠠᠯ ᠪᠣᠯᠬᠤ ᠪᠥᠭᠡᠳ ᠢᠳᠡᠭᠡᠨ ᠤ ᠠᠵᠦ ᠦᠢᠯᠡᠳᠪᠦᠷᠢ ᠪᠣᠯᠣᠨ ᠬᠥᠩᠭᠡᠨ ᠠᠵᠦ ᠦᠢᠯᠡᠳᠪᠦᠷᠢ ᠳᠤ ᠥᠷᠭᠡᠨ ᠢᠶᠠᠷ ᠬᠡᠷᠡᠭᠯᠡᠳᠡᠭ᠃ ᠵᠢᠯ ᠪᠦᠷᠢ ᠶᠡᠭᠡ ᠬᠡᠮᠵᠢᠶ᠎ᠡ ᠪᠠᠷ ᠮᠠᠯᠲᠠᠵᠤ ᠪᠠᠶᠢᠨ᠎ᠠ᠂ ᠲᠡᠶᠢᠮᠦ ᠠᠴᠠ ᠲᠤᠭ᠎ᠠ ᠬᠡᠮᠵᠢᠶ᠎ᠡ ᠪᠠ ᠲᠠᠷᠬᠠᠯᠲᠠ ᠶᠢᠨ ᠬᠡᠪᠴᠢᠶ᠎ᠡ ᠨᠢ ᠦᠳᠲᠡᠷ ᠲᠦᠷᠭᠡᠨ ᠬᠠᠰᠤᠭᠳᠠᠵᠤ᠂ ᠤᠰᠠᠳᠬᠤ ᠰᠢᠬᠠᠭᠰᠠᠨ ᠪᠠᠶᠢᠨ᠎ᠠ᠃ ᠨᠢᠭᠡᠨᠲᠡ ᠥᠪᠡᠷᠲᠡᠭᠡᠨ ᠵᠠᠰᠠᠬᠤ ᠣᠷᠣᠨ ᠤ ᠳᠥᠷᠪᠡᠳᠦᠭᠡᠷ ᠲᠥᠷᠥᠯ ᠤᠨ ᠬᠠᠮᠠᠭᠠᠯᠠᠯᠲᠠ ᠶᠢᠨ ᠤᠷᠭᠤᠮᠠᠯ ᠢᠶᠠᠷ ᠲᠣᠭᠲᠠᠭᠠᠭᠳᠠᠵᠠᠢ᠃                            ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ