ᠮᠣᠩᠭᠤᠯᠴᠤᠳ ᠤᠨ ᠪᠡᠯᠡᠭ ᠬᠦᠷᠭᠡᠬᠦ ᠶᠣᠰᠣᠨ ︵ᠬᠤᠶᠠᠷ︶
ᠨᠡᠶᠢᠲᠡᠯᠡᠭᠰᠡᠨ ᠴᠠᠭ᠄
2024/4/8
      ᠮᠣᠩᠭᠤᠯᠴᠤᠳ ᠤᠨ ᠪᠡᠯᠡᠭ ᠲᠤ ᠭᠤᠣᠯᠳᠠᠭᠤ ᠥᠲᠡᠯᠦᠭᠡ ᠨᠠᠰᠤᠲᠠᠢ ᠡᠪᠦᠭᠡ ᠡᠮᠡᠭᠡ ᠳᠡᠭᠡᠨ ᠬᠠᠳᠠᠭ᠂ ᠵᠠᠭᠠᠮ᠎ᠠ ᠲᠠᠢ ᠬᠤᠪᠴᠠᠰᠤ᠂ ᠠᠯᠴᠢᠭᠤᠷ ᠪᠠᠷᠢᠵᠤ︔ ᠠᠪᠠᠭ᠎ᠠ᠂ ᠨᠠᠭᠠᠴᠤ ᠶᠢᠨ ᠦᠶ᠎ᠡ ᠶᠢᠨ ᠬᠥᠮᠦᠨ ᠳᠡᠭᠡᠨ ᠴᠠᠢ᠂ ᠲᠠᠮᠠᠬᠢ᠂ ᠬᠠᠳᠠᠭ ᠪᠠᠷᠢᠵᠤ︔ ᠠᠬ᠎ᠠ ᠳᠡᠭᠦᠦ ᠦᠶ᠎ᠡ ᠳᠡᠭᠡᠨ ᠪᠣᠯ ᠲᠠᠮᠠᠬᠢᠨ ᠬᠠᠪᠲᠠᠭ᠎ᠠ︔ ᠡᠭᠡᠴᠢ᠂ ᠪᠡᠷᠭᠡᠨ ᠳᠡᠭᠡᠨ ᠪᠣᠯ ᠪᠣᠭᠤᠷᠰᠤᠭ᠂ ᠰᠢᠬᠢᠷ ᠮᠡᠲᠦ ᠶᠢᠨ ᠠᠮᠲᠠᠲᠠᠢ ᠶᠠᠭᠤᠮ᠎ᠠ ᠶᠢ ᠬᠥᠮᠦᠰ ᠤᠨ ᠳᠤᠷᠠᠰᠢᠯ ᠢ ᠦᠨᠳᠦᠰᠦᠯᠡᠨ ᠵᠣᠬᠢᠴᠠᠭᠤᠯᠵᠤ ᠪᠡᠯᠡᠳᠬᠡᠳᠡᠭ᠃       ᠮᠣᠩᠭᠤᠯᠴᠤᠳ ᠦᠷ᠎ᠡ ᠬᠡᠦᠬᠡᠳ ᠤᠨ ᠢᠶᠠᠨ ᠬᠤᠷᠢᠮ ᠬᠢᠵᠦ᠂ ᠢᠷᠥᠭᠡᠯᠲᠦ ᠤᠷᠤᠭ ᠪᠠᠷᠢᠯᠳᠤᠭᠰᠠᠨ ᠤ ᠭᠤᠷᠪᠠᠳᠠᠬᠢ ᠬᠤᠨᠤᠭ ᠤᠨ ᠳᠠᠷᠠᠭ᠎ᠠ᠂ ᠰᠢᠨ᠎ᠡ ᠪᠡᠷᠢ ᠲᠥᠷᠬᠦᠮ ᠤᠨ ᠭᠡᠷ ᠢᠶᠠᠨ ᠡᠷᠭᠢᠵᠦ ᠦᠵᠡᠬᠦ ᠶᠣᠰᠣᠲᠠᠢ ᠪᠠᠶᠢᠳᠠᠭ᠃ ᠲᠥᠷᠬᠦᠮ ᠳᠡᠭᠡᠨ ᠭᠤᠷᠪᠠᠨ ᠡᠳᠦᠷ ᠰᠠᠭᠤᠭᠰᠠᠨ ᠤ ᠳᠠᠷᠠᠭ᠎ᠠ ᠲᠥᠷᠬᠦᠮ ᠤᠨ ᠬᠢᠨ ᠨᠢ ᠥᠬᠢᠨ ᠢᠶᠠᠨ ᠬᠠᠳᠠᠮ ᠤᠨ ᠭᠠᠵᠠᠷ ᠬᠦᠷᠭᠡᠵᠦ ᠣᠴᠢᠬᠤ ᠶᠢ ᠡᠷᠭᠢᠯᠲᠡ ︵ᠡᠷᠭᠢᠯᠲᠡ ᠶᠢᠨ ᠬᠤᠷᠢᠮ︶ ᠪᠠᠷ ᠣᠴᠢᠳᠠᠭ ᠵᠠᠩᠰᠢᠯ ᠲᠠᠢ᠃ ᠢᠩᠭᠢᠭᠡᠳ ᠬᠦᠷᠭᠡᠨ ᠤ ᠲᠠᠯ᠎ᠠ  ᠨᠢ ᠡᠷᠭᠢᠯᠲᠡ ᠶᠢᠨ ᠬᠤᠷᠢᠮ ᠢ ᠶᠡᠬᠡᠪᠡᠷ ᠪᠡᠯᠡᠳᠬᠡᠨ ᠶᠡᠭᠡ ᠨᠠᠶᠢᠷ ᠲᠠᠯᠪᠢᠳᠠᠭ ᠪᠠᠶᠢᠨ᠎ᠠ᠃ ᠨᠠᠶᠢᠷ ᠥᠨᠳᠥᠷᠯᠡᠨ᠂ ᠡᠷᠭᠢᠯᠲᠡ ᠶᠢᠨ ᠬᠥᠮᠦᠰ ᠪᠤᠴᠠᠬᠤ ᠦᠶ᠎ᠡ ᠳᠤ ᠬᠠᠳᠠᠮ ᠡᠵᠢ ᠨᠢ ᠪᠤᠶᠤ ᠪᠡᠷᠢ ᠨᠢ ᠲᠥᠷᠬᠦᠮ ᠠᠴᠠ ᠢᠷᠡᠭᠰᠡᠨ ᠬᠥᠮᠦᠰ ᠤᠨ ᠡᠷᠭᠢᠯᠲᠡ ᠶᠢᠨ ᠤᠭᠤᠲᠠ ᠳᠤ ᠨᠢ ᠬᠠᠳᠠᠭ᠂ ᠲᠠᠮᠠᠬᠢᠨ ᠬᠠᠪᠲᠠᠭ᠎ᠠ᠂ ᠴᠠᠢ᠂ ᠲᠠᠮᠠᠬᠢ ︵ ᠬᠡᠭᠡᠰᠦ ᠲᠠᠢ︶ ᠪᠣᠣᠪᠤ᠂ ᠪᠣᠭᠤᠷᠰᠤᠭ᠂ ᠰᠢᠬᠢᠷ ᠠᠯᠴᠢᠭᠤᠷ ᠵᠡᠷᠭᠡ ᠶᠢ ᠴᠠᠭᠠᠰᠤᠨ ᠳᠤ ᠪᠣᠭᠤᠵᠤ ᠠᠮᠠᠰᠠᠷ ᠳᠡᠭᠡᠷ᠎ᠡ ᠨᠢ ᠤᠯᠠᠭᠠᠨ ᠲᠡᠮᠳᠡᠭ ᠲᠠᠯᠪᠢᠵᠤ᠂ ᠪᠣᠭᠴᠣ ︵ᠤᠭᠤᠲᠠ︶ ᠳᠤ ᠬᠢᠳᠡᠭ ᠪᠠᠶᠢᠵᠠᠢ᠃ ᠵᠢᠯ ᠴᠠᠭᠠᠨ ᠰᠠᠷ᠎ᠠ ᠪᠤᠶᠤ ᠰᠠᠳᠤᠨ ᠢᠶᠠᠨ ᠡᠷᠭᠢᠬᠦ ᠪᠠᠷ ᠢᠷᠡᠭᠰᠡᠨ ᠵᠣᠴᠢᠨ ᠤ ᠤᠭᠤᠲᠠ ︵ᠪᠣᠭᠴᠣ︶ ᠶᠢ ᠬᠤᠭᠤᠰᠣᠨ ᠶᠠᠪᠤᠭᠤᠯᠳᠠᠭ ᠦᠭᠡᠢ᠃ ᠪᠠᠶᠢᠳᠠᠯ ᠢ ᠨᠢ ᠦᠵᠡᠵᠦ ᠪᠡᠯᠡᠭ ᠬᠢᠳᠡᠭ ᠰᠠᠶᠢᠬᠠᠨ ᠵᠠᠩᠰᠢᠯ ᠲᠠᠢ᠃ ᠥᠩᠭᠡᠷᠡᠭᠰᠡᠨ ᠤ ᠬᠠᠭᠤᠴᠢᠨ ᠴᠠᠭ ᠲᠤ ᠪᠡᠯᠡᠭ ᠢᠶᠠᠷ ᠦᠰᠦᠭ ᠪᠢᠴᠢᠭ ᠤᠨ ᠵᠠᠬᠢᠳᠠᠯ ᠴᠢᠮᠡᠭᠡ ᠶᠢ ᠣᠷᠣᠯᠠᠭᠤᠯᠤᠨ᠂ ᠬᠠᠷᠢᠯᠴᠠᠨ ᠠᠮᠤᠷ ᠮᠡᠨᠳᠦ᠂ ᠰᠠᠶᠢᠨ ᠰᠠᠶᠢᠬᠠᠨ ᠢᠶᠠᠨ ᠮᠡᠳᠡᠯᠴᠡᠬᠦ᠂ ᠰᠡᠳᠬᠢᠯ ᠰᠠᠨᠠᠭ᠎ᠠ ᠪᠠᠨ ᠣᠶᠢᠯᠠᠭᠠᠯᠴᠠᠨ᠂ ᠴᠢᠮᠡᠭᠡ ᠬᠤᠯᠪᠣᠭ᠎ᠠ ᠠᠪᠴᠤ᠂ ᠦᠷ᠎ᠡ ᠬᠡᠦᠬᠡᠳ᠂ ᠲᠥᠷᠥᠯ ᠰᠠᠳᠤᠨ ᠤ ᠬᠠᠷᠢᠴᠠᠭ᠎ᠠ ᠶᠢ ᠨᠢᠭᠲᠠᠷᠠᠭᠤᠯᠤᠨ ᠭᠦᠨ ᠤᠴᠢᠷ ᠤᠳᠬ᠎ᠠ ᠲᠠᠢ ᠦᠨᠳᠦᠰᠦᠲᠡᠨ ᠤ ᠵᠠᠩ ᠵᠠᠩᠰᠢᠯ᠂ ᠵᠠᠩ ᠦᠢᠯᠡ ᠲᠠᠢ ᠪᠠᠶᠢᠭᠰᠠᠨ ᠶᠤᠮ᠃ ᠮᠣᠩᠭᠤᠯᠴᠤᠳ ᠣᠳᠣᠬᠠᠨ ᠳᠤ ᠮᠥᠨ ᠵᠠᠷᠢᠮ ᠭᠠᠵᠠᠷ ᠣᠷᠣᠨ ᠳᠤ ᠡᠨᠡ ᠬᠦ ᠰᠠᠶᠢᠨ ᠰᠠᠶᠢᠬᠠᠨ ᠵᠠᠩ ᠦᠢᠯᠡ ᠨᠢ ᠬᠠᠳᠠᠭᠠᠯᠠᠭᠳᠠᠵᠤ ᠪᠠᠶᠢᠭ᠎ᠠ ᠶᠤᠮ᠃ ᠡᠨᠡ ᠶᠠᠷᠢᠭᠰᠠᠨ ᠪᠡᠯᠡᠭ ᠬᠦᠷᠭᠡᠬᠦ ᠵᠠᠩᠰᠢᠯ ᠨᠢ ᠬᠤᠶᠢᠲᠤ ᠬᠡᠰᠡᠭ ᠤᠨ ᠵᠠᠩ ᠵᠠᠩᠰᠢᠯ ᠢ ᠶᠠᠷᠢᠭᠰᠠᠨ ᠪᠠᠶᠢᠳᠠᠭ᠃ ᠤᠴᠢᠷ ᠨᠢ ᠵᠠᠷᠢᠮ ᠵᠠᠩ ᠵᠠᠩᠰᠢᠯ ᠨᠢ ᠠᠳᠠᠯᠢ ᠦᠭᠡᠢ ᠨᠡᠯᠢᠶᠡᠳ ᠵᠥᠷᠢᠶ᠎ᠡ ᠲᠠᠢ ᠪᠠᠶᠢᠳᠠᠭ᠃
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ