ᠪᠤᠷᠴᠠᠭ ᠤᠨ ᠢᠵᠠᠭᠤᠷ᠂ ᠬᠤᠨᠴᠢᠷ ᠤᠨ ᠲᠥᠷᠥᠯ᠃ ᠣᠯᠠᠨ ᠨᠠᠰᠤᠲᠤ ᠡᠪᠡᠰᠦᠯᠢᠭ ᠤᠷᠭᠤᠮᠠᠯ᠂ 6 ᠳ᠋ᠤᠭᠠᠷ ᠰᠠᠷ᠎ᠠ ᠳᠤ ᠴᠡᠴᠡᠭᠯᠡᠵᠦ᠂ 7 ᠳ᠋ᠤᠭᠠᠷ ᠰᠠᠷ᠎ᠠ ᠳᠤ | ᠦᠷᠡᠯᠡᠨ᠎ᠡ᠃ | ᠠᠭᠤᠯᠠᠷᠬᠠᠭ ᠭᠠᠵᠠᠷ ᠤᠨ ᠬᠠᠭᠤᠷᠠᠶᠢᠰᠠᠭ ᠤᠷᠭᠤᠮᠠᠯ᠃ ᠠᠷᠪᠠᠰ ᠤᠨ ᠠᠭᠤᠯᠠᠨ ᠳᠤ ᠤᠷᠭᠤᠳᠠᠭ᠃ | ᠴᠡᠴᠡᠭ ᠨᠢ ᠪᠣᠷᠣ ᠤᠯᠠᠭᠠᠨ ᠥᠩᠭᠡᠲᠡᠢ᠂ ᠪᠤᠷᠴᠠᠭ ᠵᠢᠮᠢᠰ ᠨᠢ ᠵᠤᠤᠪᠠᠨᠭ᠌ ᠬᠡᠯᠪᠡᠷᠢᠲᠡᠢ᠂ ᠳᠣᠷᠣᠭᠰᠢ ᠤᠨᠵᠢᠢᠭᠰᠠᠨ ᠪᠠᠶᠢᠳᠠᠭ᠂ ᠡᠨᠡ ᠣᠨᠴᠠᠯᠢᠭ ᠨᠢ ᠬᠤᠨᠴᠢᠷ ᠤᠨ | ᠲᠥᠷᠥᠯ ᠬᠡᠯᠪᠡᠷᠢ ᠪᠣᠯᠣᠨ᠎ᠠ᠃ ᠲᠡᠶᠢᠮᠢ ᠠᠴᠠ ᠲᠤᠰ ᠲᠥᠷᠥᠯ ᠨᠢ ᠤᠷᠭᠤᠮᠠᠯ ᠤᠨ ᠣᠷᠣᠨ ᠰᠢᠰᠲ᠋ᠧᠮ ᠪᠣᠯᠣᠨ ᠲᠥᠷᠥᠯ ᠬᠤᠪᠢᠶᠠᠯᠲᠠ ᠶᠢᠨ ᠰᠤᠳᠤᠯᠭᠠᠨ ᠤ ᠳᠤᠮᠳᠠ | ᠴᠢᠬᠤᠯᠠ ᠠᠴᠢ ᠬᠤᠯᠪᠣᠭᠳᠠᠯ ᠲᠠᠢ ᠶᠤᠮ᠃ | ᠲᠤᠰ ᠤᠷᠭᠤᠮᠠᠯ ᠤᠨ ᠲᠠᠷᠬᠠᠯᠲᠠ ᠶᠢᠨ ᠬᠡᠪᠴᠢᠶ᠎ᠡ ᠨᠢ ᠢᠪᠴᠤᠤ᠂ ᠲᠤᠭ᠎ᠠ ᠬᠡᠮᠵᠢᠶ᠎ᠡ ᠨᠢ ᠴᠥᠭᠡᠨ᠂ ᠪᠠᠰᠠ ᠬᠤᠨᠴᠢᠷ ᠪᠣᠯᠭᠠᠵᠤ ᠮᠠᠯᠲᠠᠭᠰᠠᠨ ᠠᠴᠠ ᠤᠰᠠᠳᠬᠤ | ᠰᠢᠬᠠᠭᠰᠠᠨ ᠪᠠᠶᠢᠳᠠᠯ ᠲᠠᠢ ᠪᠠᠶᠢᠨ᠎ᠠ᠃ ᠨᠢᠭᠡᠨᠲᠡ ᠥᠪᠡᠷᠲᠡᠭᠡᠨ ᠵᠠᠰᠠᠬᠤ ᠣᠷᠣᠨ ᠤ ᠬᠤᠶᠠᠳᠤᠭᠠᠷ ᠲᠥᠷᠥᠯ ᠤᠨ ᠬᠠᠮᠠᠭᠠᠯᠠᠯᠲᠠ ᠶᠢᠨ ᠤᠷᠭᠤᠮᠠᠯ ᠢᠶᠠᠷ ᠲᠣᠭᠲᠠᠭᠠᠵᠠᠢ᠃ | | ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾ ᠪᠠᠭᠠᠲᠤᠷ ᠨᠠᠶᠢᠷᠠᠭᠤᠯᠤᠨ ᠵᠤᠬᠢᠶᠠᠪᠠ | | |