ᠮᠣᠷᠢᠨ ᠢᠷᠦᠭᠡᠯ ︵1︶
ᠨᠡᠶᠢᠲᠡᠯᠡᠭᠰᠡᠨ ᠴᠠᠭ᠄
2024/5/20
  ᠮᠣᠷᠢᠨ ᠢᠷᠦᠭᠡᠯ ︵1︶ᠥᠰᠤ ᠪᠣᠯᠭᠠᠨ ᠳᠤ ᠪᠠᠨ ᠦᠰᠦᠭ ᠲᠠᠢᠦᠶ᠎ᠡ ᠪᠣᠯᠭᠠᠨ ᠳᠤ ᠪᠠᠨ ᠲᠠᠮᠠᠭ᠎ᠠ ᠲᠠᠢᠲᠥᠭᠡ ᠰᠢᠷ᠎ᠠ ᠴᠢᠬᠢ ᠲᠠᠢᠲᠥᠭᠦᠷᠢᠭ ᠬᠠᠷ᠎ᠠ ᠨᠢᠳᠦ ᠲᠠᠢᠲᠤᠭ ᠰᠠᠶᠢᠬᠠᠨ ᠰᠡᠭᠦᠯ ᠲᠠᠢᠲᠠᠤᠯᠠᠢ ᠰᠠᠶᠢᠬᠠᠨ ᠬᠦᠶᠤᠳᠡᠯ ᠲᠠᠢᠦᠨᠳᠥᠷ ᠰᠠᠶᠢᠬᠠᠨ ᠪᠡᠶ᠎ᠡ ᠲᠠᠢᠥᠷᠭᠡᠨ ᠰᠠᠶᠢᠬᠠᠨ ᠴᠡᠭᠡᠵᠢ ᠲᠠᠢᠰᠡᠭᠡᠷᠡᠨ ᠳᠡᠭᠡᠷ᠎ᠡ ᠨᠢᠰᠠᠷᠠᠨ ᠤ ᠭᠡᠷᠡᠯ ᠮᠠᠨᠳᠤᠵᠤᠬᠠᠪᠲᠠᠭᠠᠢ ᠴᠢᠯᠠᠭᠤᠨ ᠳᠡᠭᠡᠷ᠎ᠡᠬᠠᠯᠲᠤᠷᠢᠳᠠᠭ ᠦᠭᠡᠢ ᠮᠤᠷᠢᠪᠣᠭᠤᠯᠣᠨ ᠴᠢᠯᠠᠭᠤᠨ ᠳᠡᠭᠡᠷ᠎ᠡᠪᠦᠳᠦᠷᠢᠳᠡᠭ ᠦᠭᠡᠢ ᠮᠣᠷᠢᠬᠠᠳᠠ ᠠᠭᠤᠯᠠᠨ ᠦᠭᠡᠳᠡᠬᠠᠯᠢᠵᠤ ᠭᠠᠷᠳᠠᠭ ᠮᠤᠷᠢᠬᠠᠩᠭᠠᠢ ᠬᠠᠳᠠᠨ ᠭᠠᠵᠠᠷᠬᠠᠷᠪᠤᠵᠤ ᠭᠠᠷᠳᠠᠭ ᠮᠣᠷᠢᠮᠣᠷᠴᠢᠭᠠᠷ ᠮᠠᠭᠤ ᠮᠣᠳᠣᠨ ᠠᠴᠠᠤᠶᠠᠳᠠᠭ ᠦᠭᠡᠢ ᠮᠣᠷᠢᠮᠤᠩᠬᠠᠭ ᠮᠠᠭᠤ ᠬᠥᠮᠥᠨᠤᠨᠤᠳᠠᠭ ᠦᠭᠡᠢ ᠮᠣᠷᠢᠱᠠᠯᠴᠢᠭ ᠰᠢᠷ᠎ᠠ ᠤᠰᠤᠨ ᠳᠤᠤᠰᠤᠯᠠᠳᠠᠭ ᠦᠭᠡᠢ ᠮᠤᠷᠢᠱᠠᠯᠢᠭ ᠮᠠᠭᠤ ᠬᠥᠮᠥᠨᠣᠨᠣᠳᠠᠭ ᠦᠭᠡᠢ ᠮᠣᠷᠢᠪᠤᠷᠤ ᠲᠣᠭᠤᠷᠢᠮ ᠭᠠᠵᠠᠷᠣᠷᠣᠯᠳᠣᠭᠠᠨ ᠳᠤ ᠭᠠᠷᠴᠤᠡᠵᠡᠨ ᠪᠤᠭᠳᠠ ᠶᠢᠨ ᠢᠶᠠᠨᠰᠢᠭᠦᠯᠭᠡᠨ ᠳᠤ ᠭᠠᠷᠤᠭᠰᠠᠨ ᠮᠣᠷᠢᠰᠢᠩᠬᠤ ᠽᠠᠨᠳᠠᠨ ᠢᠶᠠᠷᠰᠢᠨᠤᠯᠠᠵᠤ ᠵᠠᠰᠠᠭᠰᠠᠨ ᠬᠠᠪᠲᠠᠰᠤ ᠲᠠᠢᠤᠷᠭᠤᠮᠠᠯ ᠽᠠᠨᠳᠠᠨ ᠢᠶᠠᠷᠣᠭᠲᠣᠯᠵᠤ ᠵᠠᠰᠠᠭᠰᠠᠨ ᠪᠦᠬᠦᠷᠭᠡ ᠲᠠᠢᠲᠡᠭᠡᠷ᠎ᠡ ᠬᠠᠷ᠎ᠠ ᠲᠡᠪᠰᠡ ᠲᠠᠢᠡᠷ᠎ᠡ ᠬᠠᠷ᠎ᠠ ᠣᠪᠳᠡ ᠲᠠᠢᠨᠠᠢᠮᠠᠨ ᠴᠠᠭᠠᠨ ᠭᠠᠨᠵᠤᠭ᠎ᠠ ᠲᠠᠢᠨᠠᠷᠢᠨ ᠴᠠᠭᠠᠨ ᠣᠯᠦᠩ ᠲᠠᠢᠳᠥᠷᠪᠡᠨ ᠮᠥᠩᠭᠦᠨ ᠲᠤᠷᠭᠤ ᠲᠠᠢᠳᠥᠷᠪᠡᠯᠵᠢᠨ ᠰᠠᠶᠢᠬᠠᠨ ᠰᠢᠷᠢ ᠲᠠᠢᠴᠤᠯ ᠮᠥᠩᠭᠦᠨ ᠳᠥᠷᠥᠭᠡ ᠲᠠᠢᠴᠢᠳᠬᠤᠮᠠᠯ ᠠᠯᠲᠠᠨ ᠳᠠᠷᠤᠭᠤᠯᠭ᠎ᠠ ᠲᠠᠢᠬᠤᠯᠠᠨ ᠠᠯᠲᠠᠨ ᠬᠤᠳᠠᠷᠭ᠎ᠠ ᠲᠠᠢᠬᠠᠵᠢ ᠮᠥᠩᠭᠦᠨ ᠬᠠᠵᠠᠭᠠᠷ ᠲᠠᠢᠨᠠᠮᠤᠷ ᠤᠨ ᠨᠠᠮᠤᠷᠵᠢᠭ ᠨᠠᠪᠴᠢ ᠨᠢ ᠰᠠᠩᠬᠠᠯᠠᠭᠠᠯᠳᠠᠨ ᠬᠠᠷᠴᠠᠭᠠᠢ ᠭᠡᠳᠡᠭ ᠮᠣᠷᠢ ᠪᠠᠨᠲᠠᠨ ᠤ ᠬᠦᠶᠦᠯᠭᠡᠨ ᠳᠤ ᠳᠤᠬᠤᠵᠤ ᠪᠠᠷᠢᠪᠠᠣᠨᠣᠨ ᠮᠣᠷᠳᠠᠵᠤ ᠶᠠᠪᠤᠭᠲᠤᠨ᠃             ︽ᠣᠷᠳᠣᠰ ᠤᠨ ᠲᠠᠶᠢᠯᠭ᠎ᠠ ᠲᠠᠬᠢᠯᠭ᠎ᠠ ᠢᠷᠦᠭᠡᠯ ᠮᠠᠭᠲᠠᠭᠠᠯ︾ ᠤᠨ 654 ᠳ᠋ᠦ᠋ᠭᠡᠷ ᠨᠢᠭᠤᠷ ᠠᠴᠠ            ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ