ᠭᠤᠤ ᠸᠧᠢ ᠯᠢᠶᠠᠩ
ᠨᠡᠶᠢᠲᠡᠯᠡᠭᠰᠡᠨ ᠴᠠᠭ᠄
2024/5/24
      ᠬᠢᠲᠠᠳ ᠦᠨᠳᠦᠰᠦᠲᠡᠨ᠂ ᠡᠷᠡᠭᠲᠡᠢ᠂ ᠭᠦᠨᠴᠢᠷᠭ᠎ᠠ ᠰᠢᠶᠠᠩ ᠤᠨ ᠬᠦᠮᠦᠨ᠂ 1928 ᠣᠨ ᠳᠤ ᠲᠥᠷᠥᠵᠡᠢ᠃ 1952 ᠣᠨ ᠳᠤ ᠰᠦᠵᠸᠦ ᠶᠢᠨ ᠤᠯᠤᠰ ᠪᠠᠶᠢᠭᠤᠯᠤᠭᠳᠠᠭᠰᠠᠨ ᠰᠤᠷᠭᠠᠨ ᠬᠥᠮᠥᠵᠢᠯ ᠤᠨ ᠳᠡᠭᠡᠳᠦ ᠰᠤᠷᠭᠠᠭᠤᠯᠢ ᠠᠴᠠ ᠲᠡᠭᠦᠰᠴᠦ᠂ 1958 ᠣᠨ ᠳᠤ ᠪᠡᠭᠡᠵᠢᠩ ᠤᠨ ᠴᠢᠯᠠᠭᠤᠨ ᠲᠣᠰᠣ ᠭᠠᠵᠠᠷ ᠰᠢᠨᠵᠢᠯᠡᠭᠡᠨ ᠤ ᠳᠡᠭᠡᠳᠦ ᠰᠤᠷᠭᠠᠭᠤᠯᠢ ᠠᠴᠠ ᠲᠡᠭᠦᠰᠴᠡᠢ᠃ 1958 ᠣᠨ ᠠᠴᠠ ᠡᠬᠢᠯᠡᠨ ᠴᠢᠯᠠᠭᠤᠨ ᠲᠣᠰᠣᠨ ᠤ ᠠᠵᠦ ᠦᠢᠯᠡᠳᠪᠦᠷᠢ ᠶᠢᠨ ᠶᠠᠮᠤᠨ ᠤ ᠴᠢᠯᠠᠭᠤᠨ ᠲᠣᠰᠣ ᠰᠤᠳᠤᠯᠬᠤ ᠭᠠᠵᠠᠷ ᠲᠤ ᠠᠵᠢᠯᠯᠠᠭᠰᠠᠭᠠᠷ ᠪᠥᠭᠡᠳ ᠳᠡᠭᠡᠳᠦ ᠵᠡᠷᠭᠡ ᠶᠢᠨ ᠢᠨᠵᠧᠨᠧᠷ ᠤᠨ ᠲᠤᠰᠢᠶᠠᠯ ᠲᠠᠢ᠃ 1961 — 1962 ᠣᠨ ᠳᠤ ︽ᠳᠤᠮᠳᠠᠳᠤ ᠤᠯᠤᠰ ᠤᠨ ᠴᠢᠯᠠᠭᠤᠨ ᠲᠣᠰᠣᠨ ᠤ ᠡᠯ᠎ᠡ ᠬᠠᠶᠢᠯᠲᠠ ᠶᠢᠨ ᠲᠣᠭᠤᠷᠢᠭ ᠤᠨ ᠲᠣᠰᠤ ᠬᠡᠢ ᠶᠢᠨ ᠲᠠᠷᠬᠠᠯᠲᠠ ᠶᠢᠨ ᠵᠢᠮ᠎ᠡ ᠶᠢ ᠰᠤᠳᠤᠯᠤᠭᠰᠠᠨ ᠦᠷ᠎ᠡ ᠪᠦᠲᠦᠭᠡᠯ ᠤᠨ ᠵᠢᠷᠤᠭᠲᠤ ᠳᠡᠪᠲᠡᠷ︾ ᠢ ᠨᠠᠶᠢᠷᠠᠭᠤᠯᠤᠨ ᠬᠢᠨᠠᠬᠤ ᠳᠤ ᠣᠷᠣᠯᠴᠠᠵᠠᠢ᠃ ︽ᠬᠤᠸᠠᠪᠸᠢ ᠶᠢᠨ ᠬᠠᠶᠢᠯᠲᠠ ᠶᠢᠨ ᠲᠣᠭᠤᠷᠢᠭ ᠤᠨ ᠴᠢᠯᠠᠭᠤᠨ ᠲᠣᠰᠤ ᠭᠠᠵᠠᠷ ᠤᠨ ᠪᠦᠲᠦᠴᠡ︾᠂ ︽ᠳᠡᠯᠡᠬᠡᠢ ᠶᠢᠨ ᠲᠣᠰᠣ ᠬᠡᠢ ᠶᠢᠨ ᠲᠠᠷᠬᠠᠯᠲᠠ ᠶᠢᠨ ᠵᠢᠷᠤᠭ︾ ᠪᠣᠯᠣᠨ ︽ᠲᠠᠶᠢᠯᠪᠤᠷᠢ ᠪᠢᠴᠢᠭ︾ ᠵᠡᠷᠭᠡ ᠲᠣᠮᠣ ᠵᠣᠬᠢᠶᠠᠯ ᠤᠳ ᠲᠠᠢ ᠪᠥᠭᠡᠳ 100 ᠭᠠᠷᠤᠢ ᠰᠤᠳᠤᠯᠭᠠᠨ ᠤ ᠮᠡᠳᠡᠭᠦᠯᠦᠯᠲᠡ ᠪᠠ ᠡᠷᠳᠡᠮ ᠰᠢᠨᠵᠢᠯᠡᠭᠡᠨ ᠤ ᠦᠭᠦᠯᠡᠯ ᠨᠡᠶᠢᠲᠡᠯᠡᠵᠡᠢ᠃ 1982 ᠣᠨ ᠳᠤ ᠳᠤᠮᠳᠠᠳᠤ ᠠᠮᠧᠷᠢᠺᠠ ᠶᠢᠨ ᠵᠥᠷᠢᠭᠳᠡᠯ ᠤᠨ ᠬᠡᠰᠡᠭᠲᠦ ᠲᠣᠰᠣᠨ ᠠᠭᠤᠷᠬᠠᠢ ᠶᠢᠨ ᠡᠷᠳᠡᠮ ᠰᠢᠨᠵᠢᠯᠡᠭᠡᠨ ᠤ ᠰᠣᠯᠢᠯᠴᠠᠬᠤ ᠬᠤᠷᠠᠯ ᠳᠡᠭᠡᠷ᠎ᠡ ᠦᠬᠦᠯᠡᠯ ᠤᠩᠰᠢᠵᠠᠢ᠃ ᠲᠡᠷᠡ ᠰᠤᠳᠤᠯᠬᠤ ᠭᠠᠵᠠᠷ‌‍ᠤᠨ ᠡᠷᠬᠢᠯᠡᠭᠴᠢ᠂ ︽ᠳᠤᠮᠳᠠᠳᠤ ᠤᠯᠤᠰ ᠤᠨ ᠴᠢᠯᠠᠭᠤᠨ ᠲᠣᠰᠣ ᠭᠠᠵᠠᠷ ᠰᠢᠨᠵᠢᠯᠡᠭᠡ ᠶᠢᠨ ᠣᠶᠢᠯᠠᠯᠭ᠎ᠠ︾ ᠶᠢᠨ ᠨᠠᠶᠢᠷᠠᠭᠤᠯᠬᠤ ᠭᠡᠰᠢᠭᠦᠨ ᠪᠣᠯᠵᠦ᠂ ᠡᠳᠦᠷ ᠳᠣᠳᠥᠮ ᠤᠨ ᠨᠠᠶᠢᠷᠠᠭᠤᠯᠬᠤ ᠠᠵᠢᠯ ᠢ ᠡᠷᠬᠢᠯᠡᠵᠦ ᠪᠠᠶᠢᠪᠠ᠃                     ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ