ᠮᠣᠷᠢᠨ ᠢᠷᠦᠭᠡᠯ ︵2︶
ᠨᠡᠶᠢᠲᠡᠯᠡᠭᠰᠡᠨ ᠴᠠᠭ᠄
2024/5/27
   ᠮᠣᠷᠢᠨ ᠢᠷᠦᠭᠡᠯ ︵2︶ᠤᠸ᠋ᠮ ᠰᠠᠶᠢᠨ ᠠᠮᠤᠭᠤᠯᠠᠩ ᠲᠠᠨ ᠪᠣᠯᠲᠤᠭᠠᠢᠤᠯᠤᠰ ᠤᠨ ᠶᠡᠭᠡ ᠨᠠᠭᠠᠳᠤᠮ ᠳᠡᠭᠡᠷ᠎ᠡᠣᠷᠣᠯᠳᠤᠭᠰᠠᠨ ᠪᠦᠬᠦᠨ ᠠᠴᠠ ᠲᠡᠷᠢᠭᠦᠯᠡᠬᠦᠬᠤᠷᠠᠯᠳᠤᠭᠰᠠᠨ ᠪᠦᠬᠦᠨ ᠳᠤ ᠭᠠᠶᠢᠬᠠᠭᠳᠠᠬᠤᠬᠤᠷᠳᠤᠨ ᠬᠦᠯᠦᠭ ᠤᠨ ᠣᠷᠣᠯᠳᠣᠭᠠᠨ ᠪᠣᠯᠰᠦᠷ ᠵᠢᠪᠬᠤᠯᠠᠩ ᠲᠡᠭᠦᠰᠰᠤᠤ ᠵᠠᠯᠢ ᠪᠠᠷ ᠴᠢᠩᠭ᠎ᠠᠭᠠᠩᠭᠠᠡᠭ ᠰᠠᠶᠢᠬᠠᠨ ᠪᠡᠶ᠎ᠡ ᠲᠠᠢᠭᠠᠨᠭ᠌ ᠳᠥᠷᠪᠡᠨ ᠲᠣᠭᠤᠷᠠᠢ ᠲᠠᠢᠭᠠᠯ ᠡᠷᠳᠡᠨᠢ ᠶᠢᠨ ᠨᠢᠳᠦ ᠲᠠᠢᠭᠠᠪᠠᠯᠠ ᠡᠷᠳᠡᠨᠢ ᠶᠢᠨ ᠮᠠᠩᠨᠠᠢ ᠲᠠᠢᠭᠠᠯᠵᠠᠭᠤ ᠵᠠᠭᠠᠨ ᠤ ᠰᠢᠨᠵᠢ ᠲᠠᠢᠲᠤᠩ ᠪᠦᠷᠢᠶᠡᠨ ᠤ ᠳᠠᠭᠤ ᠲᠠᠢᠳᠠᠭᠤᠲᠤ ᠦᠨᠳᠥᠷ ᠰᠢᠭ ᠰᠦᠷ ᠲᠠᠢᠬᠥᠩᠭᠡᠨ ᠰᠠᠶᠢᠬᠠᠨ ᠰᠡᠭᠦᠯ ᠲᠠᠢᠰᠢᠩᠭᠡᠨ ᠰᠠᠶᠢᠬᠠᠨ ᠳᠡᠯ ᠲᠠᠢᠨᠣᠮᠣᠬᠠᠨ ᠵᠥᠭᠡᠯᠡᠨ ᠠᠯᠬᠤᠭ᠎ᠠ ᠲᠠᠢᠰᠤᠮᠤᠨ ᠲᠡᠷᠢᠭᠦᠨ ᠭᠦᠶᠦᠳᠡᠯ ᠲᠠᠢᠰᠡᠭᠦᠯ ᠢᠶᠠᠷ ᠢᠶᠠᠨ ᠨᠠᠭᠠᠳᠤᠨ ᠭᠦᠶᠦᠳᠡᠭᠰᠡᠭᠦᠳᠡᠷ ᠠᠴᠠ ᠪᠠᠨ ᠨᠠᠳᠬᠤᠨ ᠭᠦᠶᠦᠳᠡᠭ ᠲᠠᠭᠠᠨ ᠰᠡᠭᠦᠯ ᠠᠴᠠ ᠬᠠᠶᠠᠯᠠᠨ ᠭᠦᠶᠦᠳᠡᠭᠳᠠᠯᠳᠡ ᠶᠢᠨ ᠵᠠᠮ ᠢ ᠲᠣᠪᠴᠢᠯᠠᠨ ᠭᠦᠶᠦᠳᠡᠭᠡᠵᠡᠭᠦᠢ ᠬᠡᠭᠡᠷ᠎ᠡ ᠶᠢ ᠶᠡᠭᠦᠯᠡᠨ ᠭᠦᠶᠦᠳᠡᠭᠡᠯᠡᠰᠦ ᠮᠠᠩᠬ᠎ᠠ ᠶᠢ ᠲᠣᠭᠤᠯᠤᠨ ᠭᠦᠶᠦᠳᠡᠭᠬᠠᠷᠰᠢ ᠰᠠᠭᠠᠳ ᠢ ᠰᠢᠪᠲᠤᠯᠤᠨ ᠭᠦᠶᠦᠳᠡᠭᠬᠠᠩᠭᠠᠢ ᠵᠠᠮ ᠢ ᠲᠣᠪᠴᠢᠯᠠᠨ ᠭᠦᠶᠦᠳᠡᠭᠠᠭᠤᠯᠠ ᠶᠢᠨ ᠴᠠᠭᠠᠨ᠎ᠠ ᠠᠴᠠ ᠲᠡᠭᠳᠡᠨ ᠭᠦᠶᠦᠳᠡᠭᠤᠰᠤᠨ ᠤ ᠴᠠᠭᠠᠨ᠎ᠠ ᠠᠴᠠ ᠨᠢᠰᠦᠨ ᠭᠦᠶᠦᠳᠡᠭᠬᠠᠳᠠᠨ ᠣᠷᠤᠢ ᠪᠠᠷ ᠬᠠᠷᠠᠶᠢᠨ ᠭᠦᠶᠦᠳᠡᠭᠬᠠᠷ᠎ᠠ ᠲᠣᠭᠤᠰᠤ ᠬᠠᠶᠠᠯᠠᠨ ᠭᠦᠶᠦᠳᠡᠭ᠃ᠮᠢᠩᠭᠠᠨ ᠠᠭᠲᠠ ᠶᠢᠨ ᠳᠤᠮᠳᠠ ᠠᠴᠠᠲᠡᠷᠢᠭᠦᠯᠡᠨ ᠢᠷᠡᠬᠦ ᠡᠨᠡ ᠠᠭᠲᠠ ᠶᠢᠨᠠᠶᠢᠷ ᠪᠣᠯᠭᠠᠨ ᠳᠤ ᠣᠷᠣᠯᠴᠠᠨᠨᠠᠭᠠᠳᠤᠮ ᠪᠣᠯᠭᠠᠨ ᠳᠤ ᠲᠡᠷᠢᠭᠦᠯᠡᠳᠡᠭᠡᠨᠡ ᠤᠳᠠᠭᠠᠨ ᠤ ᠨᠠᠶᠢᠷ ᠲᠤ ᠴᠤᠠᠳᠡᠭᠦᠷᠡᠯ ᠦᠭᠡᠢ ᠲᠡᠷᠢᠭᠦᠯᠡᠭᠰᠡᠨᠡᠨᠡ ᠮᠣᠷᠢ ᠶᠢ ᠪᠣᠯ ᠤᠨᠠᠭᠠᠨ ᠳᠤ ᠨᠢ ᠤᠶᠠᠭᠠᠳ ᠲᠠᠭᠠᠨ ᠳᠤ ᠨᠢ ᠳᠠᠰᠬᠭᠠᠭᠠᠳᠦᠷᠢᠶᠡᠨ ᠳᠡᠭᠡᠷ᠎ᠡ ᠨᠢ ᠬᠠᠭᠠᠷᠢᠭᠠᠳᠰᠣᠶᠣᠯᠠᠩ ᠳᠤ ᠨᠢ ᠰᠤᠷᠭᠠᠭᠠᠳᠰᠣᠶᠢᠵᠤ ᠪᠣᠯᠪᠠᠰᠤᠷᠠᠭᠤᠯᠤᠭᠰᠠᠨ ᠮᠣᠷᠢ ᠲᠤᠯᠠᠡᠭᠦᠯᠡ ᠬᠦᠯᠦᠭ ᠨᠡᠷ᠎ᠡ ᠲᠠᠢᠡᠨᠡ ᠡᠳᠦᠷ ᠠᠴᠠ ᠬᠤᠶᠢᠰᠢᠡᠩ ᠳᠡᠯᠡᠬᠡᠢ ᠳᠤᠷ ᠠᠯᠳᠠᠷᠰᠢᠬᠤ ᠪᠣᠯᠲᠤᠭᠠᠢ︕                     ᠠᠷᠠᠳ ᠤᠨ ᠢᠷᠦᠭᠡᠯᠴᠢ ᠪᠠᠲᠤᠰᠡᠷᠡᠩ ᠭᠤᠸᠠᠢ ᠡᠬᠡ ᠮᠠᠲ᠋ᠧᠷᠢᠶᠠᠯ ᠢ ᠬᠠᠩᠭᠠᠵᠤ ᠬᠤᠷᠴᠠᠪᠢᠯᠢᠭ᠌ ᠲᠡᠮᠳᠡᠭᠯᠡᠪᠡ᠃                     ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ