1 — 4 ᠳ᠋ᠦ᠋ᠭᠡᠷ ᠰᠠᠷ᠎ᠠ ᠳᠤ ᠪᠦᠭᠦ ᠬᠤᠰᠢᠭᠤᠨ ᠤ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠨ ᠡᠷᠭᠢᠯᠲᠡ ᠲᠣᠭᠲᠠᠭᠤᠨ ᠪᠣᠯᠪᠠ
ᠨᠡᠶᠢᠲᠡᠯᠡᠭᠰᠡᠨ ᠴᠠᠭ᠄
2024/5/27
      1 — 4 ᠳ᠋ᠦ᠋ᠭᠡᠷ ᠰᠠᠷ᠎ᠠ ᠳᠤ ᠪᠦᠭᠦ ᠬᠤᠰᠢᠭᠤᠨ ᠤ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠨ ᠡᠷᠭᠢᠯᠲᠡ ᠲᠣᠭᠲᠠᠭᠤᠨ ᠪᠣᠯᠪᠠ       1 — 4 ᠳ᠋ᠦ᠋ᠭᠡᠷ ᠰᠠᠷ᠎ᠠ ᠳᠤ᠂ ᠪᠥᠬᠦ ᠬᠤᠰᠢᠭᠤᠨ ᠤ ᠠᠵᠤ ᠦᠢᠯᠡᠳᠪᠦᠷᠢ ᠶᠢᠨ ᠦᠢᠯᠡᠳᠪᠦᠷᠢᠯᠡᠯ ᠲᠣᠭᠲᠠᠭᠤᠨ ᠢᠶᠠᠷ ᠰᠡᠷᠭᠦᠵᠦ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠠᠳᠠᠯᠢ ᠬᠤᠭᠤᠴᠠᠭᠠᠨ ᠤ ᠬᠢ ᠠᠴᠠ 6.7% ᠪᠠᠷ ᠨᠡᠮᠡᠭᠳᠡᠨ᠂ ᠨᠢᠭᠡᠳᠦᠭᠡᠷ ᠤᠯᠠᠷᠢᠯ ᠤᠨ ᠬᠢ ᠠᠴᠠ ᠵᠠᠭᠤᠨ ᠤ 3.8 ᠬᠤᠪᠢ ᠥᠨᠳᠥᠷ ᠪᠣᠯᠪᠠ᠃       ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ 17 ᠠᠵᠢᠯ ᠲᠥᠷᠥᠯ ᠤᠨ ᠶᠡᠭᠡ ᠲᠥᠷᠥᠯ ᠤᠨ ᠳᠣᠲᠣᠷᠠᠬᠢ 13 ᠠᠵᠢᠯ ᠲᠥᠷᠥᠯ ᠤᠨ ᠨᠡᠮᠡᠭᠳᠡᠯ ᠥᠷᠲᠡᠭ ᠨᠢ ᠨᠡᠮᠡᠭᠳᠡᠬᠦ ᠬᠠᠨᠳᠤᠰᠢ ᠲᠠᠢ ᠪᠠᠶᠢᠵᠤ᠂ ᠨᠡᠮᠡᠭᠳᠡᠯ ᠤᠨ ᠬᠡᠪᠴᠢᠶ᠎ᠡ ᠨᠢ 76.5% ᠬᠦᠷᠦᠨ᠂ ᠨᠢᠭᠡᠳᠦᠭᠡᠷ ᠤᠯᠠᠷᠢᠯ ᠤᠨ ᠬᠢ ᠠᠴᠠ ᠵᠠᠭᠤᠨ ᠤ 11.8 ᠬᠤᠪᠢ ᠥᠷᠭᠡᠳᠪᠡ᠃ ᠡᠭᠦᠨ ᠳᠤ᠂ ᠨᠡᠭᠦᠷᠡᠰᠦ ᠮᠠᠯᠲᠠᠬᠤ ᠪᠠ ᠤᠬᠢᠶᠠᠵᠤ ᠰᠢᠯᠢᠬᠦ ᠦᠢᠯᠡᠰ 8.0% ᠪᠠᠷ ᠨᠡᠮᠡᠭᠳᠡᠵᠦ᠂ ᠲᠤᠰ ᠠᠵᠢᠯ ᠲᠦᠷᠦᠯ ᠨᠢ ᠲᠦᠭᠦᠬᠡᠢ ᠨᠡᠭᠦᠷᠡᠰᠦ᠂ ᠨᠠᠷᠢᠯᠢᠭ ᠨᠡᠭᠦᠷᠡᠰᠦᠨ ᠤ ᠦᠢᠯᠡᠳᠬᠦᠨ ᠢᠶᠠᠷ ᠭᠤᠣᠯᠯᠠᠪᠠ︔ ᠬᠢᠮᠢ ᠶᠢᠨ ᠲᠦᠭᠦᠬᠡᠢ ᠮᠠᠲ᠋ᠧᠷᠢᠶᠠᠯ ᠪᠠ ᠬᠢᠮᠢ ᠶᠢᠨ ᠪᠦᠲᠦᠭᠡᠭᠳᠡᠬᠦᠨ ᠦᠢᠯᠡᠳᠬᠦ ᠦᠢᠯᠡᠰ 9.9% ᠪᠠᠷ ᠨᠡᠮᠡᠭᠳᠡᠵᠦ᠂ ᠲᠤᠰ ᠠᠵᠢᠯ ᠲᠦᠷᠦᠯ ᠨᠢ ᠬᠡᠦᠷᠡᠰᠦ ᠪᠠ PVC ᠪᠠᠷ ᠭᠤᠣᠯᠯᠠᠪᠠ︔ ᠴᠢᠯᠠᠭᠤᠨ ᠲᠣᠰᠣ ᠬᠢᠭᠡᠳ ᠪᠠᠶᠢᠭᠠᠯᠢ ᠶᠢᠨ ᠰᠢᠲᠠᠮᠠᠬᠠᠢ ᠬᠡᠢ ᠶᠢ ᠨᠡᠭᠡᠭᠡᠨ ᠠᠰᠢᠭᠯᠠᠬᠤ ᠦᠢᠯᠡᠰ 3.6% ᠪᠠᠷ ᠨᠡᠮᠡᠭᠳᠡᠪᠡ︔ ᠴᠠᠬᠢᠯᠭᠠᠨ ᠬᠦᠴᠦ᠂ ᠢᠯᠴᠢ ᠶᠢᠨ ᠬᠦᠴᠦᠨ ᠤ ᠦᠢᠯᠡᠳᠪᠦᠷᠢᠯᠡᠯ ᠪᠠ ᠬᠠᠩᠭᠠᠯᠭ᠎ᠠ ᠶᠢᠨ ᠦᠢᠯᠡᠰ 36.2% ᠢᠶᠠᠷ ᠨᠡᠮᠡᠭᠳᠡᠪᠡ︔ ᠲᠡᠮᠦᠷᠯᠢᠭ ᠪᠤᠰᠤ ᠠᠭᠤᠷᠬᠠᠢ ᠶᠢᠨ ᠬᠦᠳᠡᠷ ᠰᠢᠯᠢᠬᠦ ᠦᠢᠯᠡᠰ 11.4% ᠪᠠᠷ ᠨᠡᠮᠡᠭᠳᠡᠵᠦ᠂ ᠭᠤᠣᠯᠳᠠᠭᠤ ᠴᠣᠬᠤᠢ ᠶᠢᠨ ᠴᠢᠯᠠᠭᠤ ᠪᠠᠷ ᠭᠤᠣᠯᠯᠠᠪᠠ︔ ᠲᠡᠮᠦᠷᠯᠢᠭ ᠦᠢᠯᠡᠳᠬᠦᠨ ᠤ ᠦᠢᠯᠡᠰ 85.8% ᠪᠠᠷ ᠨᠡᠮᠡᠭᠳᠡᠪᠡ︔ ᠭᠤᠮ ᠪᠣᠯᠣᠨ ᠰᠦᠯᠢᠶᠥᠦ ᠪᠦᠲᠦᠭᠡᠭᠳᠡᠬᠦᠨ ᠤ ᠦᠢᠯᠡᠰ 14.2% ᠢᠶᠠᠷ ᠨᠡᠮᠡᠭᠳᠡᠪᠡ︔ ᠨᠡᠬᠡᠮᠡᠯ ᠤᠨ ᠦᠢᠯᠡᠰ 4.2% ᠢᠶᠠᠷ ᠨᠡᠮᠡᠭᠳᠡᠪᠡ︔ ᠰᠢᠲᠠᠮᠠᠬᠠᠢ ᠬᠡᠢ ᠶᠢᠨ ᠦᠢᠯᠡᠳᠪᠦᠷᠢᠯᠡᠯ ᠪᠠ ᠬᠠᠩᠭᠠᠯᠭ᠎ᠠ ᠶᠢᠨ ᠦᠢᠯᠡᠰ 36.1% ᠪᠠᠷ ᠨᠡᠮᠡᠭᠳᠡᠪᠡ︔ ᠬᠠᠶᠠᠭᠳᠠᠮᠠᠯ ᠡᠬᠢ ᠪᠠᠶᠠᠯᠢᠭ ᠢ ᠶᠡᠷᠦᠩᠬᠡᠶᠢᠯᠡᠨ ᠠᠰᠢᠭᠯᠠᠬᠤ ᠦᠢᠯᠡᠰ 248.4% ᠪᠠᠷ ᠨᠡᠮᠡᠭᠳᠡᠪᠡ︔ ᠺᠣᠮᠫᠢᠦ᠋ᠲ᠋ᠧᠷ᠂ ᠴᠢᠮᠡᠭᠡ ᠬᠤᠯᠪᠣᠭ᠎ᠠ ᠪᠠ ᠪᠤᠰᠤᠳ ᠡᠯᠧᠺᠲᠷᠣᠨ ᠲᠥᠬᠦᠭᠡᠷᠦᠮᠵᠢ ᠦᠢᠯᠡᠳᠬᠦ ᠦᠢᠯᠡᠰ 15.6% ᠪᠠᠷ ᠨᠡᠮᠡᠭᠳᠡᠪᠡ︔ ᠬᠠᠷ᠎ᠠ ᠲᠡᠮᠦᠷᠯᠢᠭ ᠪᠣᠯᠪᠠᠰᠤᠷᠠᠭᠤᠯᠬᠤ ᠪᠠ ᠬᠠᠪᠲᠠᠭᠠᠶᠢᠷᠠᠭᠤᠯᠤᠨ ᠪᠣᠯᠪᠠᠰᠤᠷᠠᠭᠤᠯᠬᠤ ᠠᠵᠤ ᠦᠢᠯᠡᠳᠪᠦᠷᠢ 0.96% ᠪᠠᠷ ᠨᠡᠮᠡᠭᠳᠡᠪᠡ︔ ᠢᠳᠡᠭᠡᠨ ᠪᠣᠯᠪᠠᠰᠤᠷᠠᠭᠤᠯᠬᠤ ᠦᠢᠯᠡᠰ 42.1% ᠪᠠᠷ ᠨᠡᠮᠡᠭᠳᠡᠪᠡ᠃ ᠶᠡᠷᠦᠩᠬᠡᠢ ᠳᠤᠨᠢ ᠠᠪᠴᠤ ᠦᠵᠡᠪᠡᠯ᠂ ᠮᠠᠨ ᠤ ᠬᠤᠰᠢᠭᠤᠨ ᠤ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ ᠦᠷᠭᠦᠯᠵᠢᠯᠡᠨ ᠲᠣᠭᠲᠠᠭᠤᠨ ᠢᠶᠠᠷ ᠨᠡᠮᠡᠭᠳᠡᠬᠦ ᠬᠠᠨᠳᠤᠰᠢ ᠲᠠᠢ ᠪᠠᠶᠢᠨ᠎ᠠ᠃ ᠪᠢᠳᠡ ᠲᠦᠷᠦ ᠶᠢᠨ ᠪᠣᠳᠣᠯᠭ᠎ᠠ ᠪᠠᠷ ᠬᠥᠲᠥᠯᠥᠨ ᠵᠢᠯᠤᠭᠤᠳᠬᠤ ᠪᠠ ᠵᠣᠬᠢᠴᠠᠭᠤᠯᠤᠨ ᠦᠢᠯᠡᠴᠢᠯᠡᠬᠦ ᠪᠠᠨ ᠦᠷᠭᠦᠯᠵᠢᠯᠡᠨ ᠴᠢᠩᠭᠠᠳᠬᠠᠵᠤ᠂ ᠠᠵᠤ ᠦᠢᠯᠡᠳᠪᠦᠷᠢ ᠶᠢᠨ ᠠᠵᠤ ᠠᠬᠤᠢ ᠶᠢᠨ ᠦᠷᠭᠦᠯᠵᠢᠯᠡᠨ ᠡᠷᠡᠭᠦᠯ ᠢᠶᠠᠷ ᠬᠥᠭᠵᠢᠬᠦ ᠶᠢ ᠠᠬᠢᠭᠤᠯᠤᠨ᠎ᠠ᠃  
ᠢᠷᠡᠯᠲᠡ᠄ ᠣᠲᠤᠭ ᠬᠤᠰᠢᠭᠤᠨ ᠤ ᠲᠤᠭ᠎ᠠ ᠪᠦᠷᠢᠳᠬᠡᠯ ᠤᠨ ᠲᠣᠪᠴᠢᠶ᠎ᠠ