ᠮᠣᠩᠭᠤᠯᠴᠤᠳ ᠤᠨ ᠦᠬᠡᠷ ᠤᠨ ᠨᠡᠷᠡᠶᠢᠳᠦᠯ ᠤᠨ ᠲᠤᠬᠠᠢ ︵ᠬᠤᠶᠠᠷ︶
ᠨᠡᠶᠢᠲᠡᠯᠡᠭᠰᠡᠨ ᠴᠠᠭ᠄
2024/5/6
      ᠮᠣᠩᠭᠤᠯᠴᠤᠳ ᠦᠬᠡᠷ ᠢ ᠭᠠᠷᠰᠢᠭᠤᠯᠤᠨ ᠲᠡᠵᠢᠭᠡᠭᠰᠡᠨ ᠶᠠᠪᠤᠴᠠ ᠳᠤ ᠪᠠᠨ ᠠᠴᠢᠶ᠎ᠠ ᠲᠡᠭᠡᠭᠡᠪᠦᠷᠢ᠂ ᠠᠶᠠᠨ ᠵᠢᠩ ᠳᠤ ᠬᠥᠯᠪᠦᠷᠢ ᠪᠠᠷ ᠬᠡᠷᠡᠭᠯᠡᠬᠦ ᠶᠢᠨ ᠬᠠᠮᠲᠤ᠂ ᠮᠢᠬ᠎ᠠ᠂ ᠰᠦ ᠪᠠᠷ ᠨᠢ ᠢᠳᠡᠭᠡᠨ ᠤᠮᠳᠠᠭᠠᠨ ᠪᠣᠯᠭᠠᠵᠤ᠂ ᠠᠷᠠᠰᠤ ᠰᠢᠷᠢ᠂ ᠦᠰᠦ ᠤᠩᠭᠠᠰᠤ ᠶᠢ ᠨᠢ ᠡᠳᠦᠷ ᠳᠣᠳᠣᠮ ᠤᠨ ᠬᠡᠷᠡᠭᠯᠡᠭᠡᠨ ᠳᠤ ᠪᠠᠨ ᠠᠰᠢᠭᠯᠠᠭᠰᠠᠭᠠᠷ ᠢᠷᠡᠵᠡᠢ᠃ ᠦᠬᠡᠷ ᠢ ᠢᠯᠭᠠᠨ ᠨᠡᠷᠡᠯᠡᠬᠦ ᠳᠤ ᠪᠠᠨ ᠭᠤᠣᠯᠳᠠᠭᠤ ᠨᠠᠰᠤ ᠰᠢᠳᠦ᠂ ᠬᠦᠢᠰᠦ ᠴᠢᠨᠠᠷ᠂ ᠥᠩᠭᠡ ᠵᠢᠰᠦᠮ᠂ ᠲᠥᠷᠥᠴᠡ ᠪᠠᠶᠢᠳᠠᠯ᠂ ᠵᠠᠩ ᠠᠷᠠᠨᠰᠢᠨ᠂ ᠬᠥᠯᠦᠰᠢ ᠬᠡᠷᠡᠭᠯᠡᠭᠡᠨ ᠵᠡᠷᠭᠡ ᠶᠢ ᠦᠨᠳᠦᠰᠦᠯᠡᠬᠦ ᠵᠠᠩᠰᠢᠯ ᠲᠠᠢ᠃       ᠦᠬᠡᠷ ᠢ ᠥᠩᠭᠡ ᠵᠢᠰᠦᠮ ᠢᠶᠠᠷ ᠨᠢ ᠢᠯᠭᠠᠨ ᠨᠡᠷᠡᠯᠡᠬᠦ᠄ ᠦᠬᠡᠷ ᠤᠨ ᠵᠢᠰᠦ ᠮᠥᠨ ᠡᠯᠳᠡᠪ ᠥᠩᠭᠡ ᠶᠢᠨ ᠪᠠᠶᠢᠳᠠᠭ᠃ ᠦᠰᠦ᠂ ᠰᠣᠷ ᠤᠨ ᠬᠢᠨᠢ ᠪᠠᠶᠢᠳᠠᠯ ᠢᠶᠠᠷ ᠳᠠᠩ ᠵᠢᠰᠦᠮ ᠤᠨ ᠦᠬᠡᠷ ᠲᠤ᠂ ᠬᠠᠷ᠎ᠠ᠂ ᠬᠦᠷᠡᠩ᠂ ᠬᠥᠬᠡ᠂ ᠴᠠᠭᠠᠨ᠂ ᠶᠠᠭᠠᠨ᠂ ᠬᠤᠸᠠ᠂ ᠬᠠᠯᠢᠭᠤᠨ ᠵᠡᠷᠭᠡ ᠪᠠᠭᠲᠠᠨ᠎ᠠ᠃ ᠳᠠᠪᠬᠤᠷ ᠵᠢᠰᠦᠮ ᠤᠨ ᠦᠬᠡᠷ ᠲᠤ᠂ᠠᠯᠠᠭ᠂ ᠲᠠᠷᠯᠠᠨ᠂ ᠬᠠᠯᠵᠠᠨ ᠢᠶᠠᠷ ᠭᠤᠣᠯᠯᠠᠵᠤ᠂ ᠳᠠᠩ ᠵᠢᠰᠦᠮ ᠢᠶᠠᠷ ᠰᠠᠭᠤᠷᠢᠯᠠᠨ ᠪᠤᠰᠤᠳ ᠵᠦᠢᠯ ᠤᠨ ᠥᠩᠭᠡ ᠬᠤᠶᠠᠷ ᠪᠤᠶᠤ ᠬᠤᠶᠠᠷ ᠠᠴᠠ ᠳᠡᠭᠡᠭᠰᠢ ᠬᠤᠯᠢᠯᠳᠤᠭᠰᠠᠨ ᠪᠠᠶᠢᠳᠠᠭ᠃ ᠡᠶᠢᠮᠦᠷᠬᠦᠦ ᠪᠠᠶᠢᠳᠠᠯ ᠳᠤ᠂ ᠭᠤᠣᠯᠯᠠᠬᠤ ᠥᠩᠭᠡ ᠶᠢ ᠨᠢ ᠬᠤᠯᠢᠯᠳᠤᠭᠰᠠᠨ ᠥᠩᠭᠡ ᠪᠠᠷ ᠨᠢ ᠲᠣᠳᠣᠳᠬᠠᠨ ᠨᠡᠷᠡᠯᠡᠳᠡᠭ ᠪᠣᠯᠬᠤᠷ᠂ ᠳᠠᠪᠬᠤᠷ ᠵᠢᠰᠦᠮ ᠤᠨ ᠨᠡᠷᠡᠶᠢᠳᠦᠯ ᠲᠤᠩ ᠣᠯᠠᠨ ᠪᠣᠯᠣᠭᠰᠠᠨ ᠪᠠᠶᠢᠨ᠎ᠠ᠃ ᠵᠢᠱᠢᠶᠡᠯᠡᠨ ᠳᠤᠷᠠᠳᠬᠤ ᠳᠤ᠂ ᠬᠦᠷᠡᠩ ᠢᠶᠠᠷ ᠭᠤᠣᠯᠯᠠᠭᠰᠠᠨ ᠳᠠᠪᠬᠤᠷ ᠵᠢᠰᠦᠮ ᠳᠤ ᠬᠠᠷ᠎ᠠ ᠬᠦᠷᠡᠩ᠂ ᠤᠯᠠᠭᠠᠨ ᠬᠦᠷᠡᠩ᠂ ᠬᠠᠯᠢᠭᠤᠨ ᠬᠦᠷᠡᠩ᠂ ᠬᠥᠮᠥᠰᠭᠡ ᠴᠠᠭᠠᠨ ᠬᠦᠷᠡᠩ᠂ ᠴᠠᠪᠢ ᠴᠠᠭᠠᠨ ᠬᠦᠷᠡᠩ᠂ ᠰᠡᠭᠦᠯ ᠴᠠᠭᠠᠨ ᠬᠦᠷᠡᠩ ᠭᠡᠬᠦ ᠮᠡᠲᠦ︔ ᠤᠯᠠᠭᠠᠨ ᠢᠶᠠᠷ ᠭᠤᠣᠯᠯᠠᠭᠰᠠᠨ ᠳᠠᠪᠬᠤᠷ ᠵᠢᠰᠦᠮ ᠳᠤ ᠬᠤᠸᠠ ᠤᠯᠠᠭᠠᠨ᠂ ᠬᠦᠷᠡᠩ ᠤᠯᠠᠭᠠᠨ᠂ ᠶᠠᠭᠠᠨ ᠤᠯᠠᠭᠠᠨ᠂ ᠰᠢᠭᠢᠷ᠎ᠡ ᠴᠠᠭᠠᠨ ᠤᠯᠠᠭᠠᠨ᠂ ᠳᠠᠯᠤ ᠴᠠᠭᠠᠨ ᠤᠯᠠᠭᠠᠨ᠂ ᠬᠠᠮᠠᠷ ᠴᠠᠭᠠᠨ ᠤᠯᠠᠭᠠᠨ ᠭᠡᠬᠦ ᠮᠡᠲᠦ᠃ ᠲᠡᠭᠡᠭᠡᠳ ᠠᠯᠠᠭ ᠪᠤᠶᠤ ᠲᠠᠷᠯᠠᠨ ᠢ ᠮᠥᠨ ᠶᠠᠩᠵᠤ ᠶᠠᠩᠵᠤ ᠪᠠᠷ ᠢᠯᠭᠠᠨ ᠨᠡᠷᠡᠯᠡᠳᠡᠭ᠃ ᠵᠢᠱᠢᠶᠡᠯᠡᠪᠡᠯ᠂ ᠤᠯᠠᠭᠠᠨ ᠠᠯᠠᠭ᠂ ᠬᠠᠷ᠎ᠠ ᠠᠯᠠᠭ᠂ ᠴᠠᠭᠠᠨ ᠠᠯᠠᠭ᠂ ᠬᠥᠬᠡ ᠠᠯᠠᠭ᠂ ᠪᠥᠭᠡᠷ᠎ᠡ ᠠᠯᠠᠭ᠂ ᠰᠢᠭᠢᠷ᠎ᠡ ᠠᠯᠠᠭ᠂ ᠱᠠᠭᠠᠵᠠᠭᠠᠢ ᠠᠯᠠᠭ᠂ ᠰᠢᠷ᠎ᠠ ᠠᠯᠠᠭ᠂ ᠬᠠᠷ᠎ᠠ ᠲᠠᠷᠯᠠᠨ᠂ ᠤᠯᠠᠭᠠᠨ ᠲᠠᠷᠯᠠᠨ᠂ ᠬᠥᠬᠡ ᠲᠠᠷᠯᠠᠨ᠂ ᠴᠠᠭᠠᠨ ᠲᠠᠷᠯᠠᠨ᠂ ᠶᠠᠭᠠᠨ ᠲᠠᠷᠯᠠᠨ ᠭᠡᠬᠦ ᠮᠡᠲᠦ᠃       ᠦᠬᠡᠷ ᠢ ᠵᠢᠰᠦᠮ ᠢᠶᠠᠷ ᠢᠯᠭᠠᠨ ᠨᠡᠷᠡᠯᠡᠬᠦ ᠳᠤ᠂ ᠡᠷ᠎ᠡ ᠬᠦᠢᠰᠦ ᠲᠠᠢ ᠨᠢ ᠬᠠᠷ᠎ᠠ᠂ ᠤᠯᠠᠭᠠᠨ᠂ ᠬᠦᠷᠡᠩ᠂ ᠠᠯᠠᠭ ᠭᠡᠵᠦ᠂ ᠡᠮ᠎ᠡ ᠬᠦᠢᠰᠦ ᠲᠠᠢ ᠳᠤ ᠨᠢ ︽ᠭᠴᠢ᠂ ᠭᠴᠢ︾ ᠬᠦᠢᠰᠦᠨ ᠢᠯᠭᠠᠯ ᠤᠨ ᠳᠠᠭᠠᠪᠤᠷᠢ ᠨᠡᠮᠡᠵᠦ ᠨᠡᠷᠡᠯᠡᠬᠦ ᠵᠠᠩᠰᠢᠯ ᠲᠠᠢ᠃ ᠵᠢᠱᠢᠶᠡᠯᠡᠪᠡᠯ᠂ ᠬᠠᠷᠠᠭᠴᠢ ᠦᠨᠢᠶ᠎ᠡ᠂ ᠤᠯᠠᠭᠠᠭᠴᠢ ᠦᠨᠢᠶ᠎ᠡ᠂ ᠠᠯᠠᠭᠴᠢ ᠦᠨᠢᠶ᠎ᠡ ᠭᠡᠳᠡᠭ᠃ ᠭᠡᠬᠦ ᠳᠡᠭᠡᠨ ᠬᠠᠯᠵᠠᠨ᠂ ᠲᠠᠷᠯᠠᠨ ᠵᠡᠷᠭᠡ ᠵᠢᠰᠦᠮ ᠤᠨ ᠡᠮ᠎ᠡ ᠬᠦᠢᠰᠦ ᠲᠠᠢ ᠦᠬᠡᠷ ᠲᠤ ︽ᠭᠴᠢ᠂ ᠭᠴᠢ︾ ᠳᠠᠭᠠᠪᠤᠷᠢ ᠵᠠᠯᠭᠠᠬᠤ ᠦᠭᠡᠢ ᠪᠠᠷ ᠬᠠᠯᠵᠠᠨ ᠦᠨᠢᠶ᠎ᠡ᠂ ᠤᠯᠠᠭᠠᠨ ᠲᠠᠷᠯᠠᠨ ᠦᠨᠢᠶ᠎ᠡ᠂ ᠰᠢᠷ᠎ᠠ ᠲᠠᠷᠯᠠᠨ ᠭᠤᠨᠵᠢ ᠭᠡᠬᠦ ᠮᠡᠲᠦ ᠪᠠᠷ ᠨᠡᠷᠡᠯᠡᠳᠡᠭ᠃  
ᠢᠷᠡᠯᠲᠡ᠄ ᠪᠠᠶᠠᠨ ᠨᠠᠭᠤᠷ ᠤᠨ ᠡᠳᠦᠷ ᠤᠨ ᠰᠣᠨᠢᠨ