ᠤᠷᠲᠤᠤᠵᠠ ︵ᠮᠣᠷᠢᠨ ᠤᠷᠲᠤᠤᠵᠠ︶
ᠨᠡᠶᠢᠲᠡᠯᠡᠭᠰᠡᠨ ᠴᠠᠭ᠄
2024/6/3
      ᠪᠤᠷᠴᠠᠭ ᠤᠨ ᠢᠵᠠᠭᠤᠷ᠂ ᠤᠷᠲᠤᠤᠵᠠ ᠶᠢᠨ ᠲᠥᠷᠥᠯ᠃ ᠪᠣᠭᠤᠨᠢᠬᠠᠨ ᠵᠢᠵᠢᠭ ᠬᠠᠭᠠᠰ ᠪᠣᠳᠠ ᠮᠣᠳᠣ᠂ 5 — 6 ᠳ᠋ᠤᠭᠠᠷ ᠰᠠᠷ᠎ᠠ ᠳᠤ ᠴᠡᠴᠡᠭᠯᠡᠵᠦ᠂ 6 — 7 ᠳ᠋ᠤᠭᠠᠷ ᠰᠠᠷ᠎ᠠ ᠳᠤ ᠦᠷᠡᠯᠡᠨ᠎ᠡ᠃      ᠴᠥᠯᠯᠡᠷᠬᠡᠭ ᠬᠡᠭᠡᠷ᠎ᠡ ᠲᠠᠯ᠎ᠠ ᠳᠡᠭᠡᠷᠡᠬᠢ ᠥᠷᠭᠡᠰᠦ ᠲᠠᠢ ᠭᠠᠩᠰᠠᠭ ᠳᠡᠪᠢᠰᠬᠡᠷ ᠬᠡᠯᠪᠡᠷᠢᠲᠦ ᠬᠠᠭᠠᠰ ᠪᠣᠲᠠ ᠮᠣᠳᠣ ᠪᠣᠯᠣᠨ᠎ᠠ᠃ ᠰᠢᠨ᠎ᠡ ᠤᠰᠤ᠂ ᠲᠣᠯᠢ᠂ ᠰᠠᠶᠢᠬᠤᠰᠤ ᠵᠡᠷᠭᠡ ᠭᠠᠵᠠᠷ ᠲᠤ ᠤᠷᠭᠤᠳᠠᠭ᠃      ᠬᠠᠪᠤᠷ ᠬᠤᠨᠢ ᠢᠮᠠᠭ᠎ᠠ ᠵᠢᠵᠢᠭ ᠨᠠᠪᠴᠢ ᠪᠣᠯᠣᠨ ᠴᠡᠴᠡᠭ ᠢ ᠨᠢ ᠢᠳᠡᠨ᠎ᠡ᠂ ᠲᠡᠮᠡᠭᠡ ᠵᠠᠷᠢᠮ ᠦᠶ᠎ᠡ ᠳᠤ ᠵᠥᠭᠡᠯᠡᠨ ᠨᠠᠮᠠᠭ᠎ᠠ ᠨᠠᠪᠴᠢ ᠶᠢ ᠨᠢ ᠢᠳᠡᠨ᠎ᠡ᠃ ᠬᠠᠪᠤᠷ ᠨᠠᠬᠢᠶᠠᠯᠠᠬᠤ ᠦᠶ᠎ᠡ ᠳᠤ ᠠᠳᠤᠭᠤ ᠦᠨᠳᠦᠰᠦ ᠪᠣᠯᠣᠨ ᠰᠠᠯᠠᠭ᠎ᠠ ᠨᠠᠮᠨᠠᠭ᠎ᠠ ᠶᠢ ᠨᠢ ᠮᠠᠯᠲᠠᠵᠤ ᠢᠳᠡᠬᠦ ᠳᠤᠷᠠᠲᠠᠢ᠃ ᠡᠰᠢ ᠪᠣᠯᠣᠨ ᠨᠠᠪᠴᠢ ᠶᠢ ᠨᠢ ᠨᠦᠲᠦᠵᠦ ᠬᠡᠮᠬᠡᠴᠢᠭᠡᠳ ᠴᠢᠨᠠᠭᠰᠠᠨ ᠤᠰᠤ ᠨᠢ ᠢᠳᠡᠭᠡᠲᠦ ᠶᠠᠷ᠎ᠠ ᠶᠢ ᠵᠠᠰᠠᠨ᠎ᠠ᠃ ᠣᠨᠴᠠ ᠰᠢᠯᠢᠳᠡᠭ ᠡᠯᠡᠰᠦ ᠶᠢ ᠲᠣᠭᠲᠠᠪᠤᠷᠢᠵᠢᠭᠤᠯᠬᠤ ᠤᠷᠭᠤᠮᠠᠯ ᠪᠣᠯᠣᠨ᠎ᠠ᠂ ᠨᠡᠭᠦᠳᠡᠯ ᠡᠯᠡᠰᠦ ᠶᠢ ᠪᠣᠲᠠᠨ ᠤ ᠪᠠᠨ ᠳᠣᠣᠷ᠎ᠠ ᠴᠤᠭᠯᠠᠷᠠᠭᠤᠯᠵᠤ ᠡᠯᠡᠰᠦᠨ ᠣᠪᠣᠭ᠎ᠠ ᠶᠢ ᠪᠦᠷᠢᠯᠳᠦᠭᠦᠯᠳᠡᠭ᠃                              ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ