ᠲᠡᠷᠢᠭᠦᠨ ᠮᠣᠷᠢᠨ ᠢᠷᠦᠭᠡᠯ ︵1︶ | | | ᠨᠠᠶᠢᠷ ᠬᠦᠷ ᠤᠨ ᠴᠢᠮᠡᠭ ᠪᠣᠯᠣᠭᠰᠠᠨ | ᠨᠠᠶᠢᠳᠡ ᠣᠯᠠᠨ ᠤ ᠪᠠᠭ᠋ᠠᠳᠤᠯ ᠢ ᠳᠠᠲᠠᠭᠰᠠᠨ | ᠠᠯᠤᠰ ᠤᠨ ᠣᠷᠣᠯᠳᠣᠭᠠᠨ ᠳᠤ ᠰᠢᠯᠭᠠᠷᠠᠭᠰᠠᠨ | ᠠᠭᠲᠠ ᠶᠢᠨ ᠮᠠᠩᠯᠠᠢ ᠳᠤ ᠲᠣᠭᠠᠴᠠᠭᠳᠠᠭᠰᠠᠨ | ᠲᠦᠮᠡᠨ ᠠᠭᠲᠠ ᠶᠢᠨ ᠳᠣᠲᠣᠷ᠎ᠠ ᠠᠴᠠ | ᠲᠡᠷᠢᠭᠦᠯᠡᠨ ᠭᠠᠷᠴᠤ ᠢᠷᠡᠭᠰᠡᠨ | ᠮᠢᠩᠭᠠᠨ ᠬᠦᠯᠦᠭ ᠤᠨ ᠳᠤᠮᠳᠠ ᠠᠴᠠ | ᠮᠠᠩᠯᠠᠶᠢᠯᠠᠨ ᠰᠢᠯᠭᠠᠷᠠᠵᠤ ᠭᠠᠷᠤᠭᠰᠠᠨ | ᠡᠨᠡ ᠮᠣᠷᠢᠨ ᠤ ᠠᠯᠳᠠᠷ ᠢ | ᠡᠷᠬᠢᠮ ᠰᠠᠶᠢᠬᠠᠨ ᠳᠦᠷᠢ ᠶᠢ | ᠲᠦᠷᠦᠭᠰᠡᠨ ᠶᠠᠩᠵᠤ ᠪᠠᠶᠢᠳᠠᠯ ᠢ | ᠲᠥᠯᠥᠪᠯᠡᠨ ᠳᠤᠷᠠᠳᠴᠤ ᠬᠡᠯᠡᠪᠡᠯ | ᠣᠩᠭᠤᠨ ᠬᠠᠶᠢᠷᠬᠠᠨ ᠤ ᠤᠷᠤᠢ ᠳᠡᠭᠡᠷ᠎ᠡ | ᠵᠣᠭᠰᠤᠭ᠎ᠠ ᠪᠠᠷ ᠲᠤᠰᠤᠭᠰᠠᠨ ᠤᠨᠠᠭ᠎ᠠ | ᠤᠭᠲᠠᠷᠭᠤᠢ ᠶᠢᠨ ᠴᠣᠯᠮᠣᠨ ᠤᠳᠤ ᠪᠠᠷ | ᠵᠡᠷᠭᠡᠴᠡᠵᠦ ᠭᠠᠷᠤᠭᠰᠠᠨ ᠬᠦᠯᠦᠭ | ᠥᠤᠷ ᠤᠨ ᠭᠡᠭᠡ ᠣᠷᠣᠬᠤ ᠳᠤ | ᠦᠤᠷᠰᠡᠵᠤ ᠭᠠᠷᠤᠭᠰᠠᠨ ᠴᠢᠮᠡᠭᠡ ᠲᠠᠢ | ᠦᠵᠦᠮ ᠵᠢᠮᠢᠰ ᠡᠮᠬᠦᠭᠡᠳ | ᠥᠰᠤᠷᠴᠤ ᠪᠠᠭᠤᠭᠰᠠᠨ ᠰᠤᠷᠠᠭ ᠲᠠᠢ | ᠴᠠᠶᠢᠷᠠᠬᠤ ᠥᠤᠷ ᠤᠨ ᠦᠶ᠎ᠡ ᠪᠠᠷ | ᠴᠠᠬᠢᠷᠠᠵᠤ ᠭᠠᠷᠤᠭᠰᠠᠨ ᠴᠢᠮᠡᠭᠡ ᠲᠠᠢ | ᠴᠢᠨᠳᠠᠮᠤᠨᠢ ᠠᠮᠠᠨ ᠳᠤ ᠪᠠᠨ ᠵᠠᠭᠤᠭᠠᠳ | ᠴᠠᠪᠴᠢᠯᠠᠵᠤ ᠪᠠᠭᠤᠭᠰᠠᠨ ᠰᠤᠷᠠᠭ ᠲᠠᠢ | ᠡᠪᠴᠢᠭᠦᠨ ᠬᠤᠶᠠᠷ ᠲᠠᠯ᠎ᠠ ᠳᠤ ᠪᠠᠨ | ᠥᠳᠤᠨ ᠵᠢᠭᠦᠷ ᠲᠠᠢ ᠭᠠᠷᠴᠤ ᠭᠡᠨ᠎ᠡ᠂ | ᠥᠤᠷ ᠤᠨ ᠬᠠᠷᠠᠩᠭᠤᠢ ᠶᠢᠨ ᠪᠠᠷᠤᠭ ᠢᠶᠠᠷ | ᠦᠭᠡᠢ ᠪᠣᠯᠣᠭᠰᠠᠨ ᠴᠢᠮᠡᠭᠡ ᠲᠠᠢ᠂ | ᠠᠯᠲᠠᠨ ᠳᠡᠯᠡᠬᠡᠢ ᠳᠤ ᠬᠢᠰᠬᠢᠬᠦ ᠳᠤ ᠪᠠᠨ | ᠠᠯᠠᠭ ᠭᠠᠷᠤᠳᠢ ᠶᠢᠨ ᠵᠢᠭᠦᠷ ᠲᠠᠢ ᠭᠡᠨ᠎ᠡ᠂ | ᠠᠭᠠᠷ ᠤᠨ ᠨᠠᠷᠠᠨ ᠠᠴᠠ ᠤᠷᠢᠳᠤᠭᠤᠷᠬᠠᠨ | ᠠᠯᠠᠭ᠎ᠠ ᠪᠣᠯᠣᠭᠰᠠᠨ ᠰᠤᠷᠠᠭ ᠲᠠᠢ᠃ | ᠤᠯᠠᠶᠢᠬᠤ ᠬᠤᠶᠠᠷ ᠰᠣᠭᠤᠨ ᠳᠤ ᠪᠠᠨ | ᠤᠷᠠᠨ ᠬᠠᠵᠢᠨ ᠤ ᠵᠢᠭᠦᠷ ᠲᠠᠢ ᠭᠡᠨ᠎ᠡ | ᠤᠷᠭᠤᠬᠤ ᠨᠠᠷᠠᠨ ᠠᠴᠠ ᠡᠮᠦᠨᠡᠭᠡᠨ | ᠤᠭ ᠨᠢ ᠦᠯᠳᠡᠭᠰᠡᠨ ᠰᠤᠷᠠᠭ ᠲᠠᠢ | ᠬᠠᠷᠠᠵᠠ ᠪᠤᠯᠠᠭ ᠤᠨ ᠤᠰᠤ ᠶᠢ | ᠬᠠᠨᠲᠠᠯ᠎ᠠ ᠤᠤᠭᠤᠵᠤ ᠲᠤᠷᠨᠢᠭᠰᠠᠨ | ᠬᠠᠩᠭᠠᠢ ᠰᠢᠯᠢ ᠶᠢᠨ ᠨᠢᠷᠤᠭᠤᠨ ᠳᠡᠭᠡᠷ᠎ᠡ | ᠬᠠᠯᠬᠢᠨ ᠪᠣᠯᠬᠢᠨ ᠪᠣᠶᠢᠵᠢᠭᠰᠠᠨ | ᠬᠥᠬᠡ ᠲᠤᠷᠭᠠᠨ ᠲᠡᠯ᠎ᠠ ᠳᠡᠭᠡᠷ᠎ᠡ | ᠬᠦᠷᠪᠡᠨ ᠪᠠᠶᠢᠵᠤ ᠥᠰᠦᠭᠰᠡᠨ | ᠬᠦᠨᠳᠡᠢ ᠶᠢᠨ ᠣᠯᠠᠨ ᠭᠥᠷᠥᠭᠡᠰᠦ ᠲᠠᠢ | ᠣᠷᠣᠯᠳᠤᠨ ᠪᠠᠶᠢᠵᠤ ᠴᠣᠭᠤᠷᠠᠭᠰᠠᠨ᠃ | ᠰᠢᠮ᠎ᠡ ᠰᠠᠶᠢᠳᠠᠢ ᠤᠷᠭᠤᠮᠠᠯ | ᠪᠡᠯᠴᠢᠭᠡᠷ ᠭᠡᠳᠡᠭ ᠨᠢ ᠲᠡᠷᠡ ᠮᠥᠨ᠂ | ᠰᠢᠯᠤᠨ ᠪᠤᠯᠤᠷ ᠤᠷᠤᠰᠬᠠᠯ | ᠤᠮᠳᠡ ᠭᠡᠳᠡᠭ ᠨᠢ ᠲᠡᠷᠡ ᠮᠥᠨ᠃ | ᠭᠤᠤᠯ ᠤᠨ ᠲᠤᠩᠭᠠᠯᠠᠭ ᠤᠰᠤ ᠪᠠᠷ | ᠠᠮᠠ ᠪᠠᠨ ᠵᠠᠶᠢᠯᠤᠨ ᠨᠠᠭᠠᠳᠤᠭᠰᠠᠨ | ᠭᠤᠪᠢ ᠶᠢᠨ ᠦᠨᠳᠥᠷ ᠳᠠᠨᠵᠢ ᠪᠠᠷ | ᠠᠮᠠᠭᠠᠢ ᠳᠠᠷᠤᠨ ᠲᠡᠮᠡᠦᠯᠦᠭᠰᠡᠨ | ᠴᠢᠨᠳᠠᠮᠤᠨᠢ ᠡᠷᠳᠡᠨᠢ ᠶᠢᠨ ᠮᠠᠩᠨᠠᠢ ᠲᠠᠢ | ᠴᠠᠭᠠᠨ ᠯᠠᠪᠠᠢ ᠶᠢᠨ ᠰᠢᠲᠦ ᠲᠠᠢ | ᠴᠠᠯᠮ᠎ᠠ ᠵᠢᠭᠠᠰᠤᠨ ᠨᠢᠳᠦ ᠲᠠᠢ | ᠴᠠᠬᠢᠯᠭᠠᠨ ᠬᠤᠷᠳᠤᠨ ᠲᠤᠭᠤᠷᠠᠢ ᠲᠠᠢ | ᠠᠭᠤᠵᠢᠮ ᠲᠡᠨᠢᠭᠡᠷ ᠴᠡᠭᠡᠵᠢ ᠲᠠᠢ | ᠤᠷᠲᠤ ᠲᠠᠨᠢᠭᠦᠨ ᠠᠮᠢᠰᠬᠤᠭ᠎ᠠ ᠲᠠᠢ | ᠤᠭᠠᠯᠵᠠᠨ ᠬᠤᠸᠠᠷ ᠤᠨ ᠬᠠᠮᠠᠷ ᠲᠠᠢ | ᠤᠷᠠᠨ ᠲᠣᠭᠤᠰ ᠤᠨ ᠰᠢᠨᠵᠢ ᠲᠠᠢ | ᠬᠥᠪᠲᠤ᠂ ᠠᠬᠢ᠂ ᠲᠠᠭᠠᠨ᠎ᠠ | ᠭᠤᠷᠪᠡ ᠶᠢᠨ ᠢᠳᠡᠰᠢ ᠲᠠᠢ᠂ | ᠬᠦᠷᠭᠢᠷᠡ᠂ ᠪᠤᠯᠠᠭ᠂ ᠬᠠᠷᠠᠵᠠ | ᠭᠤᠷᠪᠡ ᠶᠢᠨ ᠤᠮᠳᠡ ᠲᠠᠢ᠂ | ᠭᠦᠢᠳᠡᠨ᠂ ᠰᠡᠷᠢᠭᠦᠨ᠂ ᠵᠢᠪᠠᠷ | ᠭᠤᠷᠪᠡ ᠶᠢᠨ ᠰᠣᠶᠢᠯᠭ᠎ᠠ ᠲᠠᠢ᠂ | ᠬᠦᠳᠤᠯ᠂ ᠬᠥᠨᠳᠡᠢ᠂ ᠲᠠᠯ᠎ᠠ | ᠭᠤᠷᠪᠡ ᠶᠢᠨ ᠬᠦᠶᠤᠳᠡᠯ ᠲᠠᠢ᠂ | ᠬᠦᠨᠳᠤᠷᠤᠭᠡ᠂ ᠲᠣᠭᠲᠤᠷᠤᠭᠠ᠂ ᠱᠣᠩᠬᠤᠭᠠ | ᠭᠤᠷᠪᠠ ᠶᠢᠨ ᠢᠳᠡ ᠲᠠᠢ᠂ | ᠬᠦᠴᠦ᠂ ᠵᠣᠷᠢᠭ᠂ ᠳᠠᠭᠠᠭᠠᠴᠠ | ᠭᠤᠷᠪᠡ ᠶᠢᠨ ᠤᠨᠴᠠᠯᠢᠭ ᠲᠠᠢ᠂ | ᠬᠥᠪᠦᠨ ᠨᠢᠰᠴᠦ | ᠳᠡᠭᠳᠡᠨ ᠲᠡᠭᠦᠯᠢᠬᠦ ᠡᠷᠳᠡᠮ ᠲᠠᠢ᠂ | ᠬᠥᠳᠡᠭᠡ ᠨᠤᠲᠤᠭ ᠤᠨ | ᠬᠤᠯᠠᠨ ᠴᠢᠬᠢᠲᠤ ᠴᠤᠯᠠ ᠲᠠᠢ | ᠮᠠᠩᠨᠠᠢ ᠳᠤᠮᠳᠠᠬᠢ ᠡᠷᠭᠢᠯᠭᠡ | ᠮᠠᠭᠠᠳ ᠰᠠᠶᠢᠨ ᠤ ᠪᠡᠯᠭᠡ | ᠰᠣᠭᠤᠨ ᠳᠣᠲᠣᠷᠠᠬᠢ ᠡᠷᠭᠢᠯᠭᠡ | ᠰᠣᠳᠣ ᠮᠣᠷᠢᠨ ᠤ ᠲᠡᠮᠳᠡᠭ | ᠵᠥᠪ ᠬᠠᠨᠳᠤᠭᠰᠠᠨ ᠡᠷᠭᠢᠯᠭᠡ | ᠵᠢᠭᠦᠷ ᠳᠠᠯᠠᠪᠴᠢ ᠶᠢᠨ ᠤᠬᠠᠭᠠᠨ | ᠪᠤᠷᠤᠭᠤ ᠬᠠᠨᠳᠤᠭᠰᠠᠨ ᠡᠷᠭᠢᠯᠭᠡ | ᠪᠤᠭᠤᠵᠤ ᠪᠣᠯᠣᠰᠢ ᠦᠭᠡᠢ ᠠᠮᠢᠰᠬᠤᠭ᠎ᠠ | ᠲᠤᠩ ᠡᠷᠳᠡᠨᠢ ᠶᠢᠨ ᠰᠢᠲᠦ | ᠳᠤᠷᠠᠨ ᠬᠤᠶᠠᠷ ᠨᠢᠳᠦ | ᠮᠠᠲᠠᠷ ᠵᠢᠭᠠᠰᠤᠨ ᠬᠠᠮᠠᠷ | ᠮᠠᠨᠳᠤᠮᠠᠯ ᠰᠠᠷᠠᠨ ᠮᠠᠩᠨᠠᠢ | ᠬᠥᠷᠡᠩ ᠭᠠᠷᠤᠳᠢ ᠶᠢᠨ ᠲᠤᠯᠤᠭᠠᠢ | ᠬᠥᠬᠡ ᠠᠷᠰᠯᠠᠨ ᠤ ᠬᠦᠵᠦᠭᠦᠦ | ᠬᠦᠴᠦᠲᠦ ᠪᠠᠷᠰ ᠤᠨ ᠴᠡᠭᠡᠵᠢ | ᠬᠦᠳᠡᠷ ᠵᠠᠭᠠᠨ ᠤ ᠨᠢᠷᠤᠭᠤ | ᠴᠠᠭᠠᠨ ᠵᠡᠭᠡᠷ᠎ᠡ ᠶᠢᠨ ᠰᠢᠯᠪᠢ | ᠴᠠᠨ᠎ᠠ ᠪᠤᠭᠤ ᠶᠢᠨ ᠪᠣᠷᠪᠢ | ᠲᠠᠶᠢᠭ᠎ᠠ ᠨᠤᠬᠠᠢ ᠶᠢᠨ ᠭᠡᠳᠡᠰᠤ | ᠲᠠᠶᠢᠱᠠᠨ ᠠᠭᠤᠯᠠ ᠶᠢᠨ ᠪᠠᠷ᠎ᠠ | ᠵᠡᠷᠯᠢᠭ ᠢᠷᠪᠢᠰ ᠤᠨ ᠭᠢᠰᠬᠢᠳᠡᠯ | ᠵᠢᠭᠦᠷᠲᠡᠨ ᠰᠢᠪᠠᠭᠤᠨ ᠠᠮᠢᠰᠬᠤᠯ | ᠵᠠᠮ ᠤᠨ ᠲᠠᠤᠯᠠᠢ ᠶᠢᠨ ᠭᠦᠶᠦᠳᠡᠯ | ᠵᠢᠩᠭᠢᠨᠢ ᠲᠣᠭᠤᠮᠰᠤᠭ ᠤᠨ ᠪᠠᠶᠢᠳᠠᠯ ᠁ | ᠡᠷᠳᠡᠨᠢ ᠶᠢᠨ ᠨᠠᠢᠮᠠᠨ ᠮᠣᠷᠢᠨ ᠤ | ᠡᠷᠬᠢᠮ ᠬᠤᠪᠣᠷ ᠰᠢᠨᠵᠢ | ᠡᠨᠡ ᠮᠣᠷᠢᠨ ᠳᠤ ᠪᠦᠷᠢᠳᠦᠭᠰᠡᠨ ᠢ | ᠠᠳᠡ ᠬᠦᠷᠲᠡᠯ᠎ᠡ ᠲᠡᠮᠳᠡᠭᠯᠡᠶ᠎ᠡ︕ | ᠬᠦᠷᠢᠶ᠎ᠡ ᠭᠤᠷᠪᠡ ᠡᠷᠭᠢᠭᠦᠯᠵᠦ | ᠬᠦᠭᠵᠢᠮ ᠳᠠᠭᠤᠤ ᠪᠠᠷ ᠦᠳᠡᠬᠦ ᠳᠤ | ᠬᠡᠦᠬᠡᠳ ︽ᠵᠧ ᠬᠦ᠋︾ ᠳᠠᠭᠤᠯᠠᠵᠤ | ᠬᠦᠯᠦᠭ ᠤᠨ ᠬᠡᠶᠢᠮᠣᠷᠢ ᠰᠡᠷᠭᠦᠭᠡᠬᠦ ᠳᠤ | ᠬᠦᠪᠴᠤ ᠬᠡᠶᠢᠷᠬᠡᠬᠦ ᠪᠠᠶᠢᠳᠠᠯ ᠦᠭᠡᠢ | ᠬᠦᠯ ᠤᠨ ᠭᠢᠰᠬᠢᠭᠡ ᠨᠢ ᠯᠠᠪᠳᠠᠭᠤᠨ | ᠪᠠᠭᠲᠠᠷᠠᠨ ᠰᠠᠨᠳᠤᠷᠬᠤ ᠶᠠᠩᠵᠤ ᠦᠭᠡᠢ | ᠪᠠᠶᠢᠳᠠᠯ ᠲᠥᠯᠥᠪ ᠨᠢ ᠲᠡᠨᠢᠭᠦᠨ᠃ | ᠲᠠᠪᠠ ᠨᠢ ᠬᠠᠨᠤᠭᠰᠠᠨ ᠪᠠᠶᠢᠳᠠᠯ ᠲᠠᠢ | ᠲᠠᠪᠤ ᠤᠳᠠᠭ᠎ᠠ ᠡᠪᠰᠢᠶᠡᠵᠦ | ᠪᠠᠬ᠎ᠠ ᠨᠢ ᠬᠠᠨᠤᠭᠰᠠᠨ ᠲᠥᠯᠥᠪ ᠲᠠᠢ | ᠪᠠᠰᠠ ᠭᠤᠷᠪᠡ ᠬᠠᠨᠢᠶᠠᠵᠤ | ᠦᠯᠡᠳᠡᠭᠰᠡᠨ ᠭᠠᠭᠴᠠ ᠬᠤᠮᠤᠯ ᠢᠶᠠᠨ | ᠦᠳᠡᠰᠢ ᠪᠠᠷ ᠲᠡᠨᠳᠡ ᠬᠠᠶᠠᠴᠢᠬᠠᠵᠠᠢ | ᠥᠯᠦᠨ ᠵᠢᠭᠠᠬᠠᠨ ᠰᠢᠭᠡᠰᠦ ᠪᠠᠨ | ᠥᠤᠷ ᠢᠶᠠᠷ ᠲᠡᠨᠳᠡ ᠠᠰᠬᠠᠴᠢᠬᠠᠵᠠᠢ᠃ | ᠮᠠᠩᠰᠢᠭᠤᠷᠠᠭᠰᠠᠨ ᠪᠠᠶᠢᠳᠠᠯ ᠲᠠᠢ | ᠨᠣᠶᠢᠷᠮᠤᠭᠯᠠᠨ ᠪᠠᠶᠢᠭᠰᠠᠨ ᠴᠤ | ᠮᠠᠭᠠᠳ ᠰᠠᠶᠢᠨ ᠬᠦᠶᠦᠬᠦ ᠶᠢᠨ | ᠨᠢᠭᠤᠴᠠ ᠶᠢ ᠬᠡᠨ ᠮᠡᠳᠡᠯ᠎ᠡ᠃ | ᠥᠨᠳᠥᠷ ᠲᠡᠭᠷᠢ ᠶᠢᠨ ᠤᠳᠤ ᠶᠢ ᠲᠣᠭᠠᠯᠠᠮᠠ | ᠡᠭᠦᠯᠡ ᠬᠦᠯᠦᠭᠯᠡᠨ ᠲᠡᠭᠳᠡᠨ ᠶᠠᠪᠤᠳᠠᠭ | ᠬᠤᠷᠮᠤᠰᠲᠠ ᠲᠡᠭᠷᠢ ᠶᠢᠨ ᠲᠠᠩᠨᠠᠢ ᠳᠤ ᠲᠤᠯᠤᠮ᠎ᠠ | ᠬᠤᠢ ᠲᠠᠲᠠᠨ ᠬᠠᠷᠠᠶᠢᠨ ᠭᠠᠷᠳᠠᠭ | ᠰᠠᠴᠤᠷᠠᠬᠤ ᠤᠯᠠᠭᠠᠨ ᠣᠴᠢ ᠶᠢ | ᠪᠤᠯᠤᠳ ᠲᠤᠭᠤᠷᠠᠢ ᠠᠴᠠ ᠪᠠᠨ ᠪᠤᠲᠠᠷᠠᠭᠤᠯᠵᠤ | ᠰᠠᠭᠰᠠᠭᠠᠷ ᠴᠠᠭᠠᠨ ᠡᠭᠦᠯᠡ ᠶᠢ | ᠪᠤᠰᠤᠭ᠎ᠠ ᠳᠡᠯ ᠢᠶᠠᠷ ᠢᠶᠠᠨ ᠵᠦᠰᠦᠵᠦ | ᠰᠠᠶᠢᠬᠠᠨ ᠡᠷᠢᠶᠡᠨ ᠰᠣᠯᠣᠩᠭ᠎ᠠ | ᠰᠡᠭᠦᠯ ᠢ ᠨᠢ ᠲᠠᠭᠠᠨ ᠮᠢᠷᠠᠯᠵᠠᠵᠤ | ᠰᠠᠯᠬᠢᠨ ᠵᠢᠭᠦᠷ ᠤᠨ ᠱᠤᠤᠭᠢᠶᠡᠨ | ᠰᠡᠭᠦᠳᠡᠷ ᠢ ᠨᠢ ᠲᠠᠭᠠᠨ ᠬᠤᠶᠢᠯᠵᠠᠵᠤ | ᠬᠠᠨᠳᠠᠭᠠᠢ ᠪᠤᠭᠤ ᠰᠢᠭ᠋ ᠰᠣᠴᠢᠨ ᠬᠦᠶᠤᠳᠡᠭ | ᠬᠠᠷᠴᠠᠭᠠᠢ ᠰᠢᠪᠠᠭᠤ ᠰᠢᠭ᠋ ᠱᠤᠩᠭᠤᠨ ᠭᠠᠷᠳᠠᠭ | ᠬᠠᠯᠢᠭᠰᠠᠨ ᠰᠤᠮᠤ ᠰᠢᠭ᠋ ᠰᠤᠭᠤᠷᠠᠨ ᠶᠠᠪᠤᠳᠠᠭ | ᠬᠠᠷᠪᠤᠭᠰᠠᠨ ᠰᠤᠮᠤ ᠰᠢᠭ᠋ ᠪᠠᠭᠤᠳᠠᠭ᠃ | ᠠᠯᠳᠠᠷ ᠴᠤᠤᠲᠤ ᠮᠣᠷᠢᠳ ᠤᠨ | ᠠᠴᠢ ᠭᠠᠪᠢᠶ᠎ᠠ ᠦᠯᠡᠮᠵᠢ | ᠠᠶᠠᠯᠠᠭᠤᠯᠵᠤ ᠬᠤᠯᠪᠣᠨ ᠮᠠᠭᠲᠠᠪᠠᠯ | ᠠᠮᠠᠨ ᠢᠷᠦᠭᠡᠯ ᠠᠷᠪᠢᠨ᠂ | ᠪᠠᠷᠠᠭᠳᠠᠰᠢ ᠦᠭᠡᠢ ᠴᠢᠳᠠᠯ ᠢ ᠨᠢ | ᠪᠠᠭ᠋ᠠᠷᠠᠵᠤ ᠢᠩᠭᠢᠵᠦ ᠮᠠᠭᠲᠠᠶ᠎ᠠ | ᠪᠠᠭ᠋ᠠᠳᠤᠮ᠎ᠠ ᠰᠠᠶᠢᠬᠠᠨ ᠴᠤᠯᠠ ᠶᠢ ᠨᠢ | ᠪᠠᠭᠴᠠᠯᠠᠵᠤ ᠢᠩᠭᠢᠵᠦ ᠳᠠᠭᠤᠳᠠᠶ᠎ᠠ︕ | | | | ︽ᠢᠷᠦᠭᠡᠯ ᠮᠠᠭᠲᠠᠭᠠᠯ ᠤᠨ ᠲᠡᠭᠦᠪᠦᠷᠢ︾ ᠶᠢᠨ 314 ᠳ᠋ᠦ᠋ᠭᠡᠷ ᠨᠢᠭᠤᠷ ᠠᠴᠠ | | | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ | ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | |