ᠪᠤᠷᠴᠠᠭ ᠤᠨ ᠢᠵᠠᠭᠤᠷ᠂ ᠳᠡᠷᠪᠡᠯᠵᠢ ᠶᠢᠨ ᠲᠥᠷᠥᠯ᠃ ᠬᠠᠭᠠᠰ ᠪᠣᠳᠠ ᠮᠣᠳᠣ᠂ 6 — 10 ᠳ᠋ᠤᠭᠠᠷ ᠰᠠᠷ᠎ᠠ ᠳᠤ ᠴᠡᠴᠡᠭᠯᠡᠵᠦ᠂ 9 — 10 ᠳ᠋ᠤᠭᠠᠷ ᠰᠠᠷ᠎ᠠ ᠳᠤ | ᠦᠷᠡᠯᠡᠨ᠎ᠡ᠃ | ᠬᠡᠭᠡᠷ᠎ᠡ ᠲᠠᠯ᠎ᠠ ᠶᠢᠨ ᠡᠯᠡᠰᠦᠨ ᠳᠤ ᠤᠷᠭᠤᠳᠠᠭ ᠳᠤᠮᠳᠠ ᠵᠡᠷᠭᠡ ᠶᠢᠨ ᠭᠠᠩᠰᠠᠭ ᠤᠷᠭᠤᠮᠠᠯ᠃ ᠪᠦᠬᠦ ᠬᠤᠰᠢᠭᠤᠨ ᠤ ᠡᠯ᠎ᠡ ᠭᠠᠵᠠᠷ ᠲᠤ ᠤᠷᠭᠤᠳᠠᠭ᠃ | ᠰᠢᠯᠢᠳᠡᠭ ᠰᠠᠶᠢᠨ ᠲᠡᠵᠢᠭᠡᠯ ᠡᠪᠡᠰᠦ ᠪᠣᠯᠣᠨ᠎ᠠ᠃ ᠬᠤᠨᠢ ᠢᠮᠠᠭ᠎ᠠ ᠵᠥᠭᠡᠯᠡᠨ ᠨᠠᠮᠠᠭ᠎ᠠ ᠨᠠᠪᠴᠢ ᠶᠢ ᠨᠢ ᠢᠳᠡᠬᠦ ᠳᠤᠷᠠᠲᠠᠢ᠂ ᠪᠠᠭ ᠴᠡᠴᠡᠭ ᠪᠣᠯᠣᠨ ᠦᠷ᠎ᠡ | ᠵᠢᠮᠢᠰ ᠢ ᠨᠢ ᠲᠡᠮᠡᠭᠡ ᠵᠢᠯ ᠤᠨ ᠳᠥᠷᠪᠡᠨ ᠤᠯᠠᠷᠢᠯ ᠳᠤ ᠪᠦᠷ ᠢᠳᠡᠳᠡᠭ᠃ ᠡᠯᠡᠰᠦ ᠶᠢ ᠲᠣᠭᠲᠠᠪᠤᠷᠢᠵᠢᠭᠤᠯᠬᠤ ᠬᠤᠰᠢᠭᠤᠴᠢ ᠤᠷᠭᠤᠮᠠᠯ ᠮᠥᠨ᠃ | | | ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾ ᠪᠠᠭᠠᠲᠤᠷ ᠨᠠᠶᠢᠷᠠᠭᠤᠯᠤᠨ ᠵᠤᠬᠢᠶᠠᠪᠠ | |