ᠮᠠᠭᠠᠯᠢᠩᠭᠤ ᠶᠢᠨ ᠢᠵᠠᠭᠤᠷ᠂ ᠮᠠᠭᠠᠯᠢᠩᠭᠤ ᠶᠢᠨ ᠲᠥᠷᠥᠯ᠃ ᠨᠢᠭᠡ ᠨᠠᠰᠤᠲᠤ ᠪᠤᠶᠤ ᠬᠤᠶᠠᠷ ᠨᠠᠰᠤᠲᠤ ᠡᠪᠡᠰᠦᠯᠢᠭ ᠤᠷᠭᠤᠮᠠᠯ᠂ 6 — 8 ᠳ᠋ᠤᠭᠠᠷ ᠰᠠᠷ᠎ᠠ ᠳᠤ | ᠴᠡᠴᠡᠭᠯᠡᠵᠦ ᠦᠷᠡᠯᠡᠨ᠎ᠡ᠃ | ᠬᠠᠭᠤᠷᠠᠶᠢᠰᠢᠭ ᠰᠤᠯᠠ ᠡᠪᠡᠰᠦ᠃ ᠤᠯᠠᠭᠠᠨᠪᠠᠯᠭᠠᠰᠤ᠂ ᠰᠢᠨ᠎ᠡ ᠵᠣᠣ ᠵᠡᠷᠭᠡ ᠭᠠᠵᠠᠷ ᠲᠤ ᠤᠷᠭᠤᠳᠠᠭ᠃ | ᠡᠰᠢ ᠶᠢᠨ ᠬᠠᠯᠢᠰᠤ ᠶᠢᠨ ᠰᠢᠷᠬᠡᠭ ᠨᠢ ᠨᠡᠯᠢᠶᠡᠳ ᠤᠷᠲᠤ᠂ ᠲᠠᠲᠠᠬᠤ ᠳᠤ ᠬᠢᠯᠪᠠᠷᠬᠠᠨ ᠲᠠᠰᠤᠷᠠᠬᠤ ᠦᠭᠡᠢ᠂ ᠬᠢᠯᠪᠠᠷᠬᠠᠨ ᠡᠯᠡᠭᠳᠡᠬᠦ ᠦᠭᠡᠢ᠂ ᠨᠡᠬᠡᠮᠡᠯ ᠤᠨ ᠮᠠᠰᠢ | ᠰᠠᠶᠢᠨ ᠲᠦᠬᠦᠭᠡᠢ ᠮᠠᠲ᠋ᠧᠷᠢᠶᠠᠯ ᠪᠣᠯᠣᠨ᠎ᠠ᠂ ᠬᠢᠮᠡᠯ ᠬᠦᠪᠤᠡᠭ᠂ ᠤᠯᠤᠰᠤᠨ ᠪᠥᠰ ᠬᠢᠵᠦ ᠪᠣᠯᠬᠤ ᠪᠠ ᠴᠠᠭᠠᠰᠤ ᠬᠢᠬᠦ ᠲᠦᠬᠦᠭᠡᠢ ᠮᠠᠲ᠋ᠧᠷᠢᠶᠠᠯ ᠵᠡᠷᠭᠡ ᠪᠣᠯᠭᠠᠵᠤ ᠪᠣᠯᠣᠨ᠎ᠠ᠃ | ᠦᠷ᠎ᠡ ᠠᠴᠠ ᠨᠢ ᠲᠣᠰᠣ ᠰᠢᠬᠠᠵᠤ ᠪᠣᠯᠣᠨ᠎ᠠ᠂ ᠦᠷ᠎ᠡ ᠨᠢ ᠪᠠᠰᠠ ᠮᠣᠩᠭᠤᠯ ᠡᠮ ᠳᠤ ᠣᠷᠣᠨ᠎ᠠ᠃ | | ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾ ᠪᠠᠭᠠᠲᠤᠷ ᠨᠠᠶᠢᠷᠠᠭᠤᠯᠤᠨ ᠵᠤᠬᠢᠶᠠᠪᠠ | | |