ᠬᠠᠷᠢᠶᠠᠴᠠᠢ
ᠨᠡᠶᠢᠲᠡᠯᠡᠭᠰᠡᠨ ᠴᠠᠭ᠄
2024/7/25
      ᠬᠠᠷᠢᠶᠠᠴᠠᠢ ᠶᠢᠨ ᠢᠵᠠᠭᠤᠷ ᠤᠨ ᠰᠢᠪᠠᠭᠤᠨ ᠤ ᠶᠡᠷᠦᠩᠬᠡᠢ ᠨᠡᠷᠡᠶᠢᠳᠦᠯ ᠪᠣᠯᠣᠨ᠎ᠠ᠃ ᠲᠤᠰᠠᠲᠠᠢ ᠰᠢᠪᠠᠭᠤ᠃ ᠪᠡᠶ᠎ᠡ ᠨᠢ ᠵᠢᠵᠢᠭ ᠡᠪᠯᠢᠭ᠂ ᠬᠤᠣᠰ ᠳᠠᠯᠠᠪᠴᠢ ᠨᠢ ᠬᠠᠶᠢᠴᠢ ᠬᠡᠯᠪᠡᠷᠢᠲᠡᠢ᠂ ᠰᠡᠭᠦᠯ ᠤᠨ ᠦᠳᠦ ᠨᠢ ᠲᠡᠭᠰᠢ ᠳᠡᠯᠭᠡᠬᠦ ᠦᠶ᠎ᠡ ᠳᠤ ᠠᠴᠠ ᠬᠡᠯᠪᠡᠷᠢᠲᠡᠢ᠂ ᠨᠢᠰᠴᠦ ᠪᠠᠶᠢᠭᠠᠳ ᠬᠤᠷᠣᠬᠠᠢ ᠰᠢᠪᠠᠵᠢ ᠶᠢ ᠪᠠᠷᠢᠵᠦ ᠢᠳᠡᠳᠡᠭ᠃ ᠭᠡᠷ ᠤᠨ ᠬᠠᠷᠢᠶᠠᠴᠠᠢ ᠵᠤᠨ ᠤ ᠤᠯᠠᠷᠢᠯ ᠳᠤ ᠡᠯ᠎ᠡ ᠭᠠᠵᠠᠷ ᠲᠤ ᠲᠦᠬᠡᠵᠦ ᠭᠡᠷ ᠤᠨ ᠰᠠᠷᠠᠪᠴᠢᠨ ᠤ ᠳᠣᠣᠷ᠎ᠠ ᠡᠭᠦᠷ ᠪᠠᠷᠢᠵᠦ᠂ ᠨᠠᠮᠤᠷ ᠡᠪᠦᠯ ᠤᠨ ᠤᠯᠠᠷᠢᠯ ᠳᠤ ᠡᠮᠦᠨᠡᠲᠦ ᠣᠷᠣᠨ ᠳᠤ ᠨᠢᠰᠴᠦ ᠶᠠᠪᠤᠳᠠᠭ᠃                             ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ