ᠠᠵᠢᠷᠭ᠎ᠠ ᠲᠠᠯᠪᠢᠬᠤ ᠢᠷᠦᠭᠡᠯ
ᠨᠡᠶᠢᠲᠡᠯᠡᠭᠰᠡᠨ ᠴᠠᠭ᠄
2024/7/8
            ᠠᠵᠢᠷᠭ᠎ᠠ ᠲᠠᠯᠪᠢᠬᠤ ᠢᠷᠦᠭᠡᠯ       ᠲᠠᠪᠤᠨ ᠬᠤᠰᠢᠭᠤ ᠮᠠᠯ ᠪᠤᠯ ᠮᠠᠯᠴᠢᠨ ᠬᠥᠮᠥᠨ ᠤ ᠠᠵᠤ ᠠᠮᠢᠳᠤᠷᠠᠯ ᠤᠨ ᠢᠷᠡᠯᠲᠡ ᠶᠢᠨ ᠡᠬᠢ ᠪᠣᠯᠬᠤᠷ ᠤᠷᠳᠤᠰᠴᠤᠳ ᠵᠤᠯ ᠵᠢᠷᠭᠠᠯᠲᠤ ᠠᠮᠢᠳᠤᠷᠠᠯ ᠢᠶᠠᠨ ᠬᠦᠰᠡᠨ ᠮᠥᠷᠥᠭᠡᠳᠴᠦ ᠲᠠᠪᠤᠨ ᠬᠤᠰᠢᠭᠤ ᠮᠠᠯ ᠢᠶᠠᠨ ᠢᠷᠦᠭᠡᠨ ᠮᠠᠭᠲᠠᠳᠠᠭ᠂ ᠢᠯᠠᠩᠭᠤᠶ᠎ᠠ ᠡᠭᠦᠯᠳᠡᠷ ᠮᠠᠯ ᠢ ᠲᠦᠮᠡᠨ ᠮᠠᠯ ᠤᠨ ᠲᠥᠷᠭᠦᠦ ᠭᠡᠵᠤ ᠦᠵᠡᠳᠡᠭ ᠪᠣᠯᠬᠤᠷ ᠡᠭᠦᠯᠳᠡᠷ ᠰᠣᠩᠭᠤᠵᠤ ᠲᠠᠯᠪᠢᠬᠤ ᠳᠤ ᠪᠠᠨ ᠢᠷᠦᠭᠡᠯ ᠬᠡᠯᠡᠳᠡᠭ ᠶᠤᠮ᠃      ᠤᠸ᠋ᠮ ᠰᠠᠶᠢᠨ ᠠᠮᠤᠭᠤᠯᠠᠩ ᠲᠠᠨ ᠪᠣᠯᠲᠤᠭᠠᠢ      ᠰᠠᠩᠨᠠᠢ ᠳᠤᠮᠳᠠ ᠪᠠᠨ      ᠰᠠᠷᠠ ᠲᠠᠢ      ᠰᠠᠷᠠᠨ ᠳᠤᠮᠳᠠ ᠪᠠᠨ      ᠨᠠᠷᠠ ᠲᠠᠢ      ᠴᠤᠯᠮᠤᠨ ᠬᠤᠶᠠᠷ ᠨᠢᠳᠦ ᠲᠠᠢ      ᠴᠢᠨ᠋ᠸ᠎ᠠ ᠶᠢᠨ ᠬᠤᠶᠠᠷ ᠴᠢᠬᠢ ᠲᠠᠢ      ᠵᠠᠭᠠᠨ ᠮᠡᠲᠦ ᠶᠡᠭᠡ ᠲᠣᠯᠣᠭᠠᠢ ᠲᠠᠢ      ᠵᠢᠭᠠᠰᠤ ᠮᠡᠲᠦ ᠡᠷᠢᠶᠡᠨ ᠲᠠᠩᠨᠠᠢ ᠲᠠᠢ      ᠬᠤᠮᠪᠤᠨ ᠳᠥᠷᠪᠡᠨ ᠲᠤᠭᠤᠷᠠᠢ ᠲᠠᠢ      ᠬᠤᠨᠳᠠᠭ᠎ᠠ ᠠᠭᠤᠵᠢᠮ ᠬᠠᠮᠠᠷ ᠲᠠᠢ      ᠲᠠᠰᠠᠮ᠎ᠠ ᠶᠢᠨ ᠳᠡᠯ ᠲᠠᠢ      ᠰᠣᠯᠣᠩᠭ᠎ᠠ ᠶᠢᠨ ᠰᠡᠭᠦᠯ ᠲᠠᠢ      ᠤᠷᠲᠤ ᠪᠦᠳᠦᠭᠦᠨ ᠪᠡᠶ᠎ᠡ ᠲᠠᠢ      ᠠᠭᠤᠵᠢᠮ ᠰᠠᠶᠢᠬᠠᠨ ᠲᠠᠰᠢᠶ᠎ᠠ ᠲᠠᠢ      ᠮᠣᠨᠴᠤᠭ ᠬᠤᠶᠠᠷ ᠪᠦᠢᠯᠡ ᠲᠠᠢ      ᠮᠤᠯᠤᠷ ᠳᠥᠷᠪᠡᠨ ᠰᠣᠶᠤᠭ᠎ᠠ ᠲᠠᠢ      ᠬᠠᠨ ᠲᠡᠭᠷᠢ ᠠᠴᠠ ᠵᠠᠶᠠᠭᠠᠭᠰᠠᠨ      ᠬᠠᠷ᠎ᠠ ᠠᠵᠢᠷᠭ᠎ᠠ ᠶᠢᠨ ᠦᠷ᠎ᠡ      ᠬᠠᠭᠠᠨ ᠴᠢᠩᠭᠢᠰ ᠤᠨ ᠬᠤᠲᠠᠨ ᠤ      ᠬᠠᠷᠠᠭᠴᠢ ᠭᠡᠭᠦᠦ ᠶᠢᠨ ᠤᠨᠠᠭ᠎ᠠ      ᠪᠣᠭᠳᠠ ᠴᠢᠩᠭᠢᠰ ᠤᠨ ᠬᠤᠲᠠᠨ ᠤ      ᠪᠤᠷᠤ ᠠᠵᠢᠷᠭ᠎ᠠ ᠶᠢᠨ ᠦᠷ᠎ᠡ      ᠪᠤᠮ ᠰᠦᠷᠦᠭ ᠤᠨ ᠴᠢᠮᠡᠭ      ᠪᠤᠷᠣᠭᠴᠢ ᠭᠡᠭᠦᠨ ᠤ ᠤᠨᠠᠭ᠎ᠠ      ᠤᠨᠠᠭ᠎ᠠ ᠲᠠᠭ᠎ᠠ ᠤᠯᠠᠨᠲᠠᠢ      ᠤᠳᠤᠮ ᠰᠠᠶᠢᠲᠠᠢ ᠶᠢᠨ ᠤᠭᠰᠠᠭ᠎ᠠ      ᠰᠠᠯᠬᠢᠨ ᠳᠤ ᠭᠦᠢᠴᠡᠭᠳᠡᠬᠦ ᠦᠭᠡᠢ ᠵᠢᠷᠤᠭ᠎ᠠ      ᠰᠠᠨᠠᠭᠠᠨ ᠳᠤ ᠭᠦᠢᠴᠡᠭᠳᠡᠬᠦ ᠦᠭᠡᠢ ᠬᠤᠷᠳᠤᠨ      ᠽᠠᠮᠪᠤᠯᠢᠩ ᠤᠨ ᠣᠷᠣᠨ ᠢᠶᠠᠷ      ᠰᠠᠶ᠋ᠢᠬᠠᠨ ᠵᠠᠭᠤᠷ᠎ᠠ ᠡᠷᠭᠢᠳᠡᠭ      ᠬᠤᠷᠸ᠎ᠠ ᠡᠨᠡ ᠶᠢᠷᠲᠢᠨᠴᠦ ᠶᠢ      ᠬᠤᠷᠤᠮᠠᠬᠠᠨ ᠵᠠᠭᠤᠷ᠎ᠠ ᠡᠷᠭᠢᠳᠡᠭ      ᠬᠤᠷᠮᠤᠰᠲᠠ ᠲᠡᠭᠷᠢ ᠠᠴᠠ ᠵᠠᠶᠠᠭᠠᠲᠠᠢ      ᠬᠤᠷᠳᠤᠨ ᠬᠦᠯᠦᠭ ᠤᠨ ᠤᠳᠤᠮ      ᠦᠵᠡᠯ ᠪᠦᠲᠦᠨ ᠵᠢᠰᠦᠮ ᠲᠠᠢ      ᠦᠷᠢᠶ᠎ᠡ ᠬᠦᠯᠦᠭ ᠴᠢᠮᠠᠶᠢ      ᠢᠳᠡᠭᠡᠨ ᠤ ᠳᠡᠭᠡᠵᠢ ᠪᠠᠷ ᠮᠢᠯᠢᠶᠠᠵᠤ      ᠦᠭᠡ ᠶᠢᠨ ᠰᠠᠶᠢᠨ ᠢᠶᠠᠷ ᠢᠷᠦᠭᠡᠨ      ᠤᠯᠠᠶᠢᠯᠭᠠᠭᠰᠠᠨ ᠲᠠᠮᠦᠷ ᠬᠦᠷᠲᠡᠭᠡᠯ ᠦᠭᠡᠢ      ᠤᠭᠤᠷᠠᠭ ᠮᠢᠬ᠎ᠠ ᠶᠢ ᠴᠢᠨᠢ ᠲᠠᠰᠤᠯᠤᠯ ᠦᠭᠡᠢ      ᠡᠳᠦᠷ ᠤᠨ ᠰᠠᠶᠢᠨ ᠳᠤ      ᠦᠯᠵᠠᠢ ᠲᠠᠢ ᠪᠣᠯᠭᠠᠵᠤ       ᠰᠠᠷ᠎ᠠ ᠶᠢᠨ ᠰᠠᠶᠢᠨ ᠳᠤ      ᠰᠢᠵᠢᠮ ᠪᠣᠯᠭᠠᠵᠤ      ᠠᠶᠢᠷᠠᠭ ᠰᠦᠨ ᠢᠶᠠᠷ ᠮᠢᠯᠢᠶᠠᠬᠤ ᠶᠢᠨ      ᠠᠩᠬ᠎ᠠ ᠲᠡᠷᠢᠭᠦᠨ ᠤᠴᠢᠷ ᠪᠣᠯᠪᠠᠰᠤ      ᠮᠢᠩᠭ᠎ᠠ ᠶᠢᠨ ᠡᠬᠢ      ᠲᠥᠮᠠ ᠶᠢᠨ ᠳᠥᠷᠭᠦᠦ ᠪᠣᠯᠭᠠᠨ      ᠠᠩᠬ᠎ᠠ ᠰᠠᠯᠭᠠᠭᠰᠠᠨ ᠰᠥᠷᠦᠭ ᠲᠤ ᠪᠠᠨ      ᠠᠵᠢᠷᠭ᠎ᠠ ᠲᠠᠯᠪᠢᠬᠤ ᠶᠢᠨ ᠲᠤᠯᠠ ᠪᠢᠯᠡ      ᠠᠮᠠᠨ ᠢᠷᠦᠭᠡᠯ ᠢᠶᠠᠷ ᠪᠡᠯᠭᠡᠳᠡᠬᠦ ᠶᠢᠨ ᠲᠤᠯᠠ      ᠢᠨᠴᠠᠭᠠᠬᠤ ᠬᠤᠩᠭᠤᠷ ᠳᠠᠭᠤᠨ ᠢᠶᠠᠷ      ᠢᠵᠢᠯᠢ ᠰᠥᠷᠦᠭ ᠢᠶᠠᠨ ᠬᠤᠷᠢᠶᠠᠵᠤ      ᠬᠠᠪᠤᠷ ᠤᠨ ᠰᠢᠭᠤᠷᠭᠠᠨ ᠤ ᠴᠠᠭ ᠲᠤ      ᠡᠪᠡᠰᠦᠨ ᠰᠤᠷ ᠢ ᠲᠠᠭᠠᠨ ᠪᠡᠯᠴᠢᠵᠦ      ᠵᠤᠨ ᠤ ᠬᠠᠯᠠᠭᠤᠨ ᠤᠯᠠᠷᠢᠯ ᠳᠤ      ᠤᠰᠤᠨ ᠲᠤᠩᠭᠠᠯᠠᠭ ᠢ ᠲᠠᠭᠠᠨ ᠪᠡᠯᠴᠢᠭᠡᠷᠯᠡᠵᠦ      ᠨᠠᠮᠤᠷ ᠤᠨ ᠲᠠᠷᠭᠤᠨ ᠰᠠᠷ᠎ᠠ ᠳᠤ      ᠰᠠᠯᠬᠢᠨ ᠢ ᠥᠭᠰᠥᠨ ᠢᠳᠡᠰᠢᠯᠡᠵᠦ      ᠡᠪᠤᠯ ᠤᠨ ᠬᠦᠢᠲᠡᠨ ᠴᠠᠭ ᠲᠤ      ᠨᠥᠮᠥᠷᠢ ᠶᠢ ᠡᠷᠢᠨ ᠡᠪᠡᠰᠦᠯᠡᠵᠦ      ᠰᠢᠨ᠎ᠡ ᠰᠠᠯᠭᠠᠭᠰᠠᠨ ᠰᠥᠷᠦᠭ ᠤᠨ      ᠰᠢᠨᠵᠢ ᠪᠡᠯᠭᠡ ᠨᠢ ᠪᠣᠯᠵᠤ       ᠥᠭᠡᠳᠡᠯᠡᠨ ᠶᠠᠪᠤᠬᠤ ᠳᠤ      ᠡᠮᠦᠨ᠎ᠡ ᠨᠢ ᠲᠤᠭ ᠪᠣᠯᠵᠤ      ᠤᠷᠤᠭᠤᠳᠠᠨ ᠶᠠᠪᠤᠬᠤ ᠳᠤ      ᠬᠤᠶᠢᠨ᠎ᠡ ᠨᠢ ᠬᠠᠯᠬᠠᠪᠴᠢ ᠪᠤᠯᠵᠤ      ᠬᠠᠷ᠎ᠠ ᠰᠢᠭᠤᠷᠭᠠᠨ ᠳᠤ      ᠬᠠᠮᠤᠭ ᠰᠥᠷᠦᠭ ᠤᠨ ᠨᠥᠮᠥᠷᠢ ᠪᠣᠯᠵᠤ      ᠬᠠᠯᠳᠠᠬᠤ ᠳᠠᠶᠢᠰᠤᠨ ᠲᠠᠢ       ᠬᠤᠰᠢᠭᠤᠴᠢ ᠪᠣᠯᠣᠨ ᠲᠤᠯᠤᠯᠳᠤᠵᠤ      ᠠᠳᠤᠭᠤᠨ ᠰᠥᠷᠦᠭ ᠤᠨ ᠲᠥᠷᠦᠭᠦᠦ      ᠠᠵᠢᠷᠭᠠᠨ ᠰᠠᠶᠢᠨ ᠨᠢ ᠪᠣᠯᠲᠤᠭᠠᠢ      ᠰᠥᠷᠦᠭ ᠤᠨ ᠴᠢᠨᠢ ᠬᠡᠭᠦᠳ ᠨᠢ      ᠵᠢᠯ ᠪᠦᠷᠢ ᠲᠥᠯ ᠲᠠᠢ      ᠣᠨ ᠪᠦᠷᠢ ᠤᠨᠠᠭ᠎ᠠ ᠲᠠᠢ      ᠲᠥᠯ ᠠᠴᠠ ᠲᠥᠯᠵᠢᠵᠦ      ᠲᠡᠭᠦᠨ ᠠᠴᠠ ᠦᠷᠡᠵᠢᠵᠦ      ᠮᠢᠩᠭ᠎ᠠ ᠪᠠᠷ ᠨᠡᠮᠡᠭᠳᠡᠨ      ᠲᠦᠮᠡ ᠪᠠᠷ ᠥᠰᠴᠦ      ᠴᠠᠭᠠᠨ ᠰᠢᠷᠭ᠎ᠠ ᠨᠢ      ᠴᠠᠶᠢᠳᠠᠮ ᠳᠥᠭᠦᠷᠴᠤ      ᠬᠠᠷ᠎ᠠ ᠪᠣᠷᠤ ᠨᠢ      ᠬᠠᠩᠭᠠᠢ ᠭᠤᠪᠢ ᠪᠦᠷᠬᠦᠵᠦ      ᠲᠤᠭᠠᠯᠠᠵᠤ ᠪᠠᠷᠠᠬᠤ ᠦᠭᠡᠢ ᠤᠯᠠᠨ      ᠳᠦᠭᠦᠮ ᠢᠶᠠᠷ ᠬᠡᠮᠵᠢᠭᠡᠳ ᠪᠠᠷᠠᠭᠳᠠᠬᠤ ᠦᠭᠡᠢ      ᠲᠦᠭ ᠲᠦᠮᠡ ᠪᠣᠯᠣᠨ ᠦᠷᠡᠵᠢᠬᠦ      ᠲᠥᠷᠭᠦᠦ ᠰᠠᠶᠢᠨ ᠠᠵᠢᠷᠭ᠎ᠠ ᠪᠣᠯᠲᠤᠭᠠᠢ᠃                              ︽ᠣᠷᠳᠣᠰ ᠤᠨ ᠲᠠᠶᠢᠯᠭ᠎ᠠ ᠲᠠᠬᠢᠯᠭ᠎ᠠ ᠢᠷᠦᠭᠡᠯ ᠮᠠᠭᠲᠠᠭᠠᠯ︾ ᠤᠨ 660 ᠳ᠋ᠤᠭᠠᠷ ᠨᠢᠭᠤᠷ ᠠᠴᠠ                                                          ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ