ᠪᠣᠷᠭᠢᠯ ︵1672 — 1751 ᠣᠨ︶᠂ ᠮᠣᠩᠭᠤᠯ ᠦᠨᠳᠦᠰᠦᠲᠡᠨ᠂ ᠡᠷᠡᠭᠲᠡᠢ᠂ ᠪᠠᠭ᠎ᠠ ᠶᠢᠨ ᠨᠡᠷ᠎ᠡ ᠨᠢ ᠨᠢᠰᠤᠩᠬᠠᠢ ᠭᠡᠳᠡᠭ᠃ ᠡᠩᠬᠡ ᠠᠮᠤᠭᠤᠯᠠᠩ ᠤᠨ | ᠠᠷᠪᠠᠳᠤᠭᠠᠷ ᠣᠨ ︵1672 ᠣᠨ︶ ᠳᠤ ᠣᠷᠳᠣᠰ ᠪᠠᠷᠠᠭᠤᠨ ᠭᠠᠷ ᠤᠨ ᠳᠤᠮᠳᠠᠳᠤ ᠬᠤᠰᠢᠭᠤᠨ ᠤ ᠬᠦᠨᠳᠦ ᠶᠢᠨ ᠬᠠᠷᠢᠶᠠᠨ ᠤ ᠨᠢᠭᠡᠨ ᠬᠠᠷᠠᠴᠤ ᠠᠯᠪᠠᠲᠤ ᠶᠢᠨ | ᠭᠡᠷ ᠲᠤ ᠲᠥᠷᠥᠪᠡ᠃ ᠲᠡᠭᠦᠨ ᠤ ᠳᠣᠯᠣᠭᠠᠨ ᠨᠠᠰᠤᠲᠠᠢ ᠳᠤ ᠨᠢ ᠡᠴᠢᠭᠡ ᠨᠢ ᠨᠠᠰᠤ ᠪᠠᠷᠠᠵᠤ ᠡᠬᠡ ᠲᠠᠢ ᠪᠠᠨ ᠬᠤᠶᠠᠭᠤᠯᠠ ᠶᠠᠳᠠᠭᠤᠬᠠᠨ ᠠᠮᠢᠳᠤᠷᠠᠵᠤ ᠪᠠᠶᠢᠵᠠᠢ᠃ ᠲᠡᠷᠡ | ᠬᠠᠷᠠᠬᠠᠨ ᠪᠠᠭ᠎ᠠ ᠠᠴᠠ ᠪᠠᠨ ᠪᠠᠷᠢᠯᠳᠤᠵᠤ ᠨᠣᠴᠣᠯᠳᠤᠬᠤ ᠳᠤ ᠪᠠᠭ᠋ᠠᠲᠠᠢ ᠪᠣᠯᠬᠤᠷ 16 ᠨᠠᠰᠤᠲᠠᠢ ᠠᠴᠠ ᠡᠬᠢᠯᠡᠨ ᠪᠠᠷᠢᠯᠳᠤᠵᠤ ᠲᠡᠷᠡ ᠦᠶ᠎ᠡ ᠶᠢᠨ ᠣᠷᠳᠣᠰ ᠤᠨ ᠡᠯ᠎ᠡ | ᠬᠤᠰᠢᠭᠤᠳ ᠤᠨ ᠣᠪᠣᠭ᠎ᠠ ᠪᠤᠯᠠᠭ᠂ ᠵᠤᠯᠠᠭ ᠤᠨ ᠨᠠᠶᠢᠷ ᠤᠳ ᠢᠶᠠᠷ ᠣᠯᠠᠨᠲᠠ ᠲᠡᠷᠢᠭᠦᠯᠡᠵᠦ᠂ ᠣᠷᠳᠣᠰ ᠲᠤ ᠪᠠᠨ ᠰᠢᠨ᠎ᠡ ᠪᠠᠷ ᠨᠡᠷ᠎ᠡ ᠭᠠᠷᠤᠭᠰᠠᠨ ᠵᠠᠯᠠᠭᠤ ᠪᠥᠬᠡᠴᠢᠨ | ᠪᠣᠯᠵᠠᠢ᠃ ᠲᠡᠭᠦᠨ ᠤ ᠡᠴᠢᠭᠡ ᠶᠢᠨ ᠬᠢᠨ ᠤ ᠲᠥᠷᠥᠯ ᠤᠤᠯ ᠤᠨ ᠤᠯᠠᠭᠠᠨᠴᠠᠪ ᠤᠨ ᠴᠢᠭᠤᠯᠭᠠᠨ ᠤ ᠤᠷᠠᠳ ᠤᠨ ᠳᠤᠮᠳᠠ ᠬᠦᠡᠭ ᠤᠨ ᠬᠤᠰᠢᠭᠤᠨ ᠳᠤ ᠪᠠᠶᠢᠵᠦ᠂ | ᠡᠬᠡ ᠶᠢᠨ ᠬᠢᠨ ᠲᠥᠷᠥᠯ ᠦᠦᠰᠢᠨ ᠤ ᠨᠠᠮᠬᠠᠢ ᠲᠤᠰᠠᠯᠠᠭᠴᠢ ᠭᠡᠵᠦ ᠪᠠᠶᠢᠪᠠ᠃ ᠲᠡᠷᠡ ᠨᠢᠭᠡ ᠤᠳᠠᠭ᠎ᠠ ᠡᠩᠬᠡ ᠠᠮᠤᠭᠤᠯᠠᠩ ᠬᠠᠭᠠᠨ ᠤ ᠲᠤᠯᠤᠨ ᠨᠠᠭᠤᠷ ᠤᠨ | ᠴᠤᠭᠯᠠᠭᠠᠨ ᠤ ᠨᠠᠶᠢᠷ ᠤᠨ 512 ᠪᠥᠬᠡ ᠶᠢᠨ ᠪᠠᠷᠢᠯᠳᠤᠭᠠᠨ ᠳᠤ ᠳᠡᠭᠡᠳᠦ 16 ᠳᠤ ᠣᠷᠣᠵᠤ᠂ ᠪᠠᠰᠠ ᠨᠢᠭᠡ ᠤᠳᠠᠭ᠎ᠠ ᠬᠠᠩᠬᠠᠢ ᠶᠢᠨ ᠬᠦᠷᠢᠶᠡᠨ ᠳᠤ ᠪᠣᠯᠣᠭᠰᠠᠨ | ᠬᠠᠯᠬ᠎ᠠ ᠳᠣᠯᠣᠭᠠᠨ ᠬᠤᠰᠢᠭᠤᠨ ᠤ ᠳ᠋ᠠᠩᠰᠢᠭ ᠤᠨ ᠶᠡᠭᠡ ᠨᠠᠶᠢᠷ ᠤᠨ 512 ᠪᠥᠬᠡ ᠶᠢᠨ ᠨᠤᠭᠤᠯᠭᠠᠨ ᠳᠤ ᠲᠦᠰᠢᠶᠡᠲᠦ ᠬᠠᠨ ᠤ ᠳᠠᠮᠷᠢᠨ ᠵᠠᠰᠠᠭ ᠤᠨ ᠬᠤᠰᠢᠭᠤᠨ ᠤ | ᠬᠡᠴᠡᠭᠦᠦ ᠪᠦᠬᠡ ᠪᠠᠳᠢᠷᠴᠢ ᠶᠢ ᠰᠢᠷᠤᠶᠢᠳᠠᠭᠤᠯᠤᠭᠠᠳ ᠳᠡᠭᠡᠳᠦ ᠳᠥᠷᠪᠡ ᠳᠤ ᠬᠦᠷᠴᠦ᠂ ᠲᠣᠷᠭᠠᠨ ᠵᠣᠳᠤᠭ ᠤᠨ ᠵᠠᠬ᠎ᠠ ᠠᠴᠠ ᠰᠢᠭᠦᠷᠴᠦ ᠲᠣᠭᠠᠲᠤ ᠪᠥᠬᠡ ᠶᠢᠨ | ᠳᠠᠩᠰᠠᠨ ᠳᠤ ᠣᠷᠣᠵᠤ ᠴᠢᠳᠠᠭᠰᠠᠨ ᠪᠠᠶᠢᠨ᠎ᠠ᠃ | ᠪᠣᠷᠭᠢᠯ ᠲᠡᠷᠡ ᠦᠶ᠎ᠡ ᠳᠤ ᠣᠷᠳᠣᠰ ᠵᠢᠷᠭᠤᠭᠠᠨ ᠵᠠᠰᠠᠭ ᠠᠴᠠ ᠨᠣᠶᠠᠨ ᠭᠡᠭᠡᠨ ᠤ ︽ᠱᠠᠪᠢᠨᠠᠷ ᠠᠶᠢᠯ︾ ᠳᠤ ᠶᠠᠪᠤᠭᠤᠯᠤᠭᠰᠠᠨ ᠬᠤᠷᠢᠨ ᠡᠷᠦᠬᠡ ᠶᠢᠨ | ᠲᠣᠭᠠᠨ ᠳᠤ ᠪᠦᠷᠢᠳᠬᠡᠭᠳᠡᠨ ᠲᠤᠯᠤᠨ ᠨᠠᠭᠤᠷ ᠲᠤ ᠬᠦᠷᠴᠦ ᠰᠠᠭᠤᠵᠤ ᠪᠠᠶᠢᠭᠰᠠᠭᠠᠷ ᠲᠡᠭᠷᠢ ᠲᠡᠳᠬᠦᠭᠴᠢ ᠶᠢᠨ ᠠᠷᠪᠠᠨ ᠲᠠᠪᠤᠳᠤᠭᠠᠷ ᠴᠠᠭᠠᠨ ᠮᠣᠷᠢᠨ ᠵᠢᠯ ︵1751 | ᠣᠨ︶ ᠳᠠᠯᠠᠨ ᠨᠠᠢᠮᠠᠲᠠᠢ ᠨᠠᠰᠤ ᠪᠠᠷᠠᠪᠠ᠃ | | ︽ᠣᠲᠤᠭ ᠬᠤᠰᠢᠭᠤᠨ ᠤ ᠦᠨᠳᠦᠰᠦᠲᠡᠨ ᠤ ᠣᠶᠢᠯᠠᠯᠭ᠎ᠠ︾ ︽ᠣᠲᠤᠭ ᠬᠤᠰᠢᠭᠤᠨ ᠤ ᠦᠨᠳᠦᠰᠦᠲᠡᠨ ᠤ ᠣᠶᠢᠯᠠᠯᠭ᠎ᠠ︾ ᠨᠠᠶᠢᠷᠠᠭᠤᠯᠬᠤ | ᠺᠣᠮᠢᠰ ᠨᠠᠶᠢᠷᠠᠭᠤᠯᠪᠠ | | | | |