ᠠᠮᠢᠲᠠᠨ ᠤ ᠬᠢᠵᠢᠭ ᠡᠪᠡᠳᠴᠢᠨ ᠢ ᠪᠦᠲᠦᠮᠵᠢᠲᠡᠢ ᠰᠡᠷᠭᠡᠶᠢᠯᠡᠨ ᠵᠠᠰᠠᠵᠤ᠂ ᠥᠷᠭᠡᠨ ᠣᠯᠠᠨ ᠮᠠᠯᠴᠢᠨ ᠲᠠᠷᠢᠶᠠᠴᠢᠨ ᠤ ᠬᠤᠪᠢ ᠶᠢᠨ ᠠᠰᠢᠭ ᠲᠤᠰᠠ ᠶᠢ | ᠬᠠᠮᠤᠭ ᠤᠨ ᠶᠡᠭᠡ ᠬᠡᠮᠵᠢᠶ᠎ᠡ ᠪᠠᠷ ᠪᠠᠲᠤᠯᠠᠬᠤ ᠶᠢᠨ ᠲᠤᠰᠠᠳᠠ᠂ ᠡᠳᠦᠭᠡ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠬᠤᠷᠢᠭᠯᠠᠬᠤ ᠵᠦᠭᠯᠡᠭᠦᠷ ᠢ ᠨᠡᠶᠢᠲᠡᠯᠡᠶ᠎ᠡ᠃ | ᠨᠢᠭᠡ᠂ ᠪᠠᠶᠢᠩᠭᠤ ᠲᠣᠬᠢᠶᠠᠯᠳᠤᠳᠠᠭ ᠡᠪᠡᠳᠴᠢᠨ ᠢ ᠰᠡᠷᠭᠡᠶᠢᠯᠡᠨ ᠵᠠᠰᠠᠬᠤ ᠵᠦᠭᠯᠡᠭᠦᠷ | ︵ᠨᠢᠭᠡ︶ ᠢᠮᠠᠭᠠᠨ ᠤ ᠬᠠᠯᠳᠠᠪᠤᠷᠢᠲᠤ ᠴᠢᠨᠠᠷᠲᠠᠢ ᠴᠡᠭᠡᠵᠢᠨ ᠬᠠᠯᠢᠰᠤᠨ ᠤ ᠠᠭᠤᠰᠬᠢᠨ ᠦᠷᠪᠢᠰᠦᠯ ᠢ ᠪᠠᠰᠠ ᠰᠠᠯᠠᠭᠠᠲᠤ ᠠᠩᠬᠠᠨ ᠤ ᠠᠭᠤᠰᠬᠢᠨ ᠦᠷᠪᠢᠰᠦᠯ | ᠭᠡᠳᠡᠭ᠃ ᠳᠠᠷᠤᠢ ᠢᠮᠠᠭᠠᠨ ᠤ ᠲᠦᠷᠭᠡᠨ ᠬᠦᠷᠦᠯᠴᠡᠬᠦ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ ᠲᠤᠰ ᠡᠪᠡᠳᠴᠢᠨ ᠨᠢ ᠵᠥᠪᠬᠡᠨ ᠢᠮᠠᠭᠠᠨ ᠳᠤ | ᠬᠠᠯᠳᠠᠪᠤᠷᠢᠯᠠᠳᠠᠭ᠃ ᠡᠪᠡᠳᠴᠢᠨ ᠤ ᠢᠯᠡᠷᠡᠯ᠄ ᠡᠪᠡᠳᠴᠢᠨ ᠲᠠᠢ ᠢᠮᠠᠭᠠᠨ ᠤ ᠪᠡᠶ᠎ᠡ ᠶᠢᠨ ᠳᠤᠯᠠᠭᠠᠨ ᠨᠢ 41- 42℃᠂ ᠢᠳᠡᠬᠦ ᠳᠤᠷᠠᠰᠢᠯ ᠦᠭᠡᠢ᠂ ᠠᠭᠤᠰᠬᠢᠨ | ᠦᠷᠪᠢᠰᠦᠯ ᠤᠨ ᠢᠯᠡᠷᠡᠯ ᠢᠶᠠᠷ ᠢᠯᠡᠷᠬᠡᠢ ᠂ ᠬᠠᠨᠢᠶᠠᠬᠤ᠂ ᠠᠮᠢᠰᠬᠤᠯ ᠬᠦᠴᠢᠷᠳᠡᠬᠦ᠂ ᠵᠣᠪᠠᠭᠤᠷᠢ ᠲᠠᠢ ᠮᠠᠶᠢᠯᠠᠵᠤ ᠪᠠᠶᠢᠭᠠᠳ ᠡᠴᠦᠰ ᠲᠡᠭᠡᠨ ᠪᠦᠲᠡᠵᠦ ᠦᠬᠦᠳᠡᠭ᠃ | ᠤᠳᠠᠭᠠᠨ ᠬᠠᠨᠢᠶᠠᠬᠤ᠂ ᠨᠢᠰᠤ ᠭᠤᠭᠤᠵᠢᠬᠤ ᠪᠤᠶᠤ ᠪᠠᠭᠠᠰᠤ ᠠᠯᠳᠠᠬᠤ᠂ ᠰᠢᠮ᠎ᠡ ᠲᠡᠵᠢᠭᠡᠯ ᠮᠠᠭᠤᠳᠠᠬᠤ ᠵᠡᠷᠭᠡ ᠢᠯᠡᠷᠡᠯ ᠭᠠᠷᠴᠤ ᠡᠴᠦᠰ ᠲᠡᠭᠡᠨ ᠮᠠᠭᠤᠳᠠᠵᠤ ᠦᠬᠦᠨ᠂ | ᠡᠪᠡᠳᠴᠢᠨ ᠤ ᠶᠠᠪᠤᠴᠠ ᠨᠢ ᠤᠷᠲᠤ ᠪᠠᠶᠢᠳᠠᠭ᠃ ᠰᠡᠷᠭᠡᠶᠢᠯᠡᠨ ᠵᠠᠰᠠᠬᠤ᠄ ᠡᠪᠡᠳᠴᠢᠯᠡᠭᠡᠳᠦᠢ ᠢᠮᠠᠭᠠᠨ ᠰᠦᠷᠦᠭ ᠲᠤ ᠬᠠᠯᠳᠠᠪᠤᠷᠢᠲᠤ ᠴᠢᠨᠠᠷᠲᠠᠢ ᠴᠡᠭᠡᠵᠢᠨ | ᠬᠠᠯᠢᠰᠤᠨ ᠤ ᠠᠭᠤᠰᠬᠢᠨ ᠦᠷᠪᠢᠰᠦᠯ ᠤᠨ ᠥᠯᠦ ᠬᠠᠯᠳᠠᠭᠠᠬᠤ ᠲᠠᠷᠢᠯᠭ᠎ᠠ ᠲᠠᠷᠢᠨ᠎ᠠ︔ ᠡᠪᠡᠳᠴᠢᠨ ᠤ ᠰᠡᠵᠢᠭᠯᠡᠯᠲᠡᠢ ᠵᠢᠱᠢᠶ᠎ᠡ ᠭᠠᠷᠪᠠᠯ ᠴᠠᠭ ᠲᠤᠬᠠᠢ ᠳᠤᠨᠢ | ᠲᠤᠰᠠᠭᠠᠷᠯᠠᠵᠤ ᠠᠷᠢᠭᠤᠳᠬᠠᠬᠤ ᠶᠢᠨ ᠬᠠᠮᠲᠤ ᠡᠪᠡᠳᠴᠢᠨ ᠳᠤᠨᠢ ᠲᠠᠭᠠᠷᠠᠭᠤᠯᠵᠤ ᠡᠮᠨᠡᠨ ᠵᠠᠰᠠᠨ᠎ᠠ᠂ ᠲᠣᠰ ᠡᠪᠡᠳᠴᠢᠨ ᠢ ᠠᠼᠠᠮᠢᠼᠢᠨ ︵阿奇霉素︶᠂ | ᠲᠠᠢ ᠯᠧ ᠪᠠᠺᠲ᠋ᠧᠷᠢ ᠡᠳ᠋ ︵泰乐菌素︶ ᠪᠤᠶᠤ ᠲᠠᠢ ᠯᠡ ᠪᠠᠺᠲ᠋ᠧᠷᠢ ︵泰拉霉素︶ ᠵᠡᠷᠭᠡ ᠪᠠᠺᠲ᠋ᠧᠷᠢ ᠳᠠᠷᠤᠭᠴᠢ ᠡᠮ ᠢᠶᠠᠷ ᠡᠮᠨᠡᠨ ᠵᠠᠰᠠᠵᠤ᠂ | ᠡᠪᠡᠳᠴᠢᠨ ᠢᠶᠠᠷ ᠦᠬᠦᠭᠰᠡᠨ ᠢᠮᠠᠭ᠎ᠠ ᠶᠢ ᠬᠤᠣᠷ ᠦᠭᠡᠢ ᠪᠣᠯᠭᠠᠨ ᠰᠢᠢᠳᠪᠦᠷᠢᠯᠡᠨ᠎ᠡ᠃ | ︵ᠬᠤᠶᠠᠷ︶ ᠪᠦᠲ᠋ᠦ᠋ᠯ ᠤᠨ ᠰᠠᠪᠠᠭ᠋ᠠᠴᠢᠷ ᠪᠠᠺᠲ᠋ᠧᠷᠢ ᠳᠤ ᠬᠤᠣᠷᠳᠠᠭᠳᠠᠬᠤ ᠭᠡᠮ᠃ ᠡᠨᠡ ᠡᠪᠡᠳᠴᠢᠨ ᠪᠣᠯ ᠪᠦᠲ᠋ᠦ᠋ᠯ ᠤᠨ ᠰᠠᠪᠠᠭ᠋ᠠᠴᠢᠷ ᠪᠠᠺᠲ᠋ᠧᠷᠢ ᠠᠴᠠ | ᠡᠭᠦᠰᠦᠭᠰᠡᠨ ᠨᠢᠭᠡ ᠵᠦᠢᠯ ᠤᠨ ᠬᠤᠣᠷᠳᠠᠯᠭ᠎ᠠ ᠶᠢᠨ ᠴᠢᠨᠠᠷᠲᠠᠢ ᠡᠪᠡᠳᠴᠢᠨ ᠪᠣᠯᠣᠨ᠎ᠠ᠃ ᠡᠪᠡᠳᠴᠢᠨ ᠤ ᠢᠯᠡᠷᠡᠯ᠄ ᠡᠪᠡᠳᠴᠢᠨ ᠤ ᠢᠯᠡᠷᠡᠯ ᠦᠭᠡᠢ ᠪᠠᠷ ᠭᠡᠨᠡᠳᠲᠡ | ᠦᠬᠦᠳᠡᠭ᠃ ᠲᠦᠷᠭᠡᠨ ᠴᠢᠨᠠᠷᠲᠠᠢ ᠪᠠᠷ ᠭᠡᠨᠡᠳᠲᠡ ᠵᠠᠯᠭᠢᠬᠤ ᠳᠤ ᠬᠦᠴᠢᠷᠳᠡᠬᠦ᠂ ᠲᠣᠯᠣᠭᠠᠢ ᠪᠠᠨ ᠮᠣᠷᠤᠶᠢᠯᠭᠠᠵᠤ ᠬᠡᠪᠲᠡᠬᠦ᠂ ᠪᠤᠯᠴᠢᠩ ᠨᠢ ᠰᠤᠯᠠᠷᠠᠬᠤ᠂ ᠢᠳᠡᠭᠡᠨ ᠤ | ᠳᠤᠷᠠᠰᠢᠯ ᠨᠢ ᠠᠭᠠᠵᠢᠮ ᠠᠭᠠᠵᠢᠮ ᠢᠶᠠᠷ ᠮᠠᠭᠤᠳᠠᠬᠤ᠂ ᠬᠤᠷᠭᠤᠰᠤ ᠬᠠᠳᠠᠬᠤ᠂ ᠪᠡᠶ᠎ᠡ ᠶᠢᠨ ᠳᠤᠯᠠᠭᠠᠨ ᠨᠢ ᠬᠡᠪ ᠤᠨ ᠪᠣᠯᠪᠠᠴᠤ 1-5 ᠡᠳᠦᠷ ᠲᠤ ᠦᠬᠦᠳᠡᠭ᠃ | ᠤᠵᠢᠭ ᠲᠦᠷᠭᠡᠨ ᠴᠢᠨᠠᠷᠲᠠᠢ ᠡᠪᠡᠳᠴᠢᠨ ᠤ ᠢᠯᠡᠷᠡᠯ ᠲᠠᠢ ᠪᠥᠭᠡᠳ ᠦᠷᠭᠦᠯᠵᠢ ᠠᠭᠤᠰᠬᠢᠨ ᠤ ᠦᠷᠪᠢᠰᠦᠯ ᠳᠠᠪᠬᠤᠴᠠᠵᠤ᠂ ᠡᠴᠡᠵᠦ ᠲᠤᠷᠠᠭᠠᠳ ᠦᠬᠦᠳᠡᠭ᠃ | ᠰᠡᠷᠭᠡᠶᠢᠯᠡᠨ ᠵᠠᠰᠠᠬᠤ᠄ ᠪᠦᠲ᠋ᠦ᠋ᠯ ᠤᠨ ᠰᠠᠪᠠᠭ᠋ᠠᠴᠢᠷ ᠪᠠᠺᠲ᠋ᠧᠷᠢ ᠶᠢᠨ ᠥᠯᠦ ᠬᠠᠯᠳᠠᠭᠠᠬᠤ ᠲᠠᠷᠢᠯᠭ᠎ᠠ ︵肉毒梭菌疫苗︶ ᠲᠠᠷᠢᠨ᠎ᠠ᠃ | ︵ᠭᠤᠷᠪᠠ︶ ᠮᠠᠯ ᠳᠤ ᠣᠷᠣᠳᠠᠭ ᠭᠤᠷᠪᠠᠨ ᠡᠪᠡᠳᠴᠢᠨ ᠳᠤ ᠮᠠᠯ ᠤᠨ ᠲᠦᠷᠭᠡᠨ ᠬᠢᠵᠢᠭ᠂ ᠮᠠᠯ ᠤᠨ ᠭᠡᠳᠡᠰᠦᠨ ᠤ ᠴᠢᠰᠤᠨ ᠬᠤᠣᠷᠳᠠᠯ ᠤᠨ ᠭᠡᠮ᠂ ᠮᠠᠯ ᠤᠨ | ᠴᠣᠴᠢᠮᠠᠭ ᠬᠢᠵᠢᠭ ᠪᠠᠭᠲᠠᠨ᠎ᠠ᠃ ᠡᠳᠡᠭᠡᠷ ᠨᠢ ᠤᠷᠬᠢᠴᠠᠯᠢᠭ ᠰᠫᠣᠷᠲᠦ ᠰᠠᠪᠬᠠᠨ ᠪᠠᠺᠲ᠋ᠧᠷᠢ ᠶᠢᠨ ᠲᠦᠷᠦᠯ ᠤᠨ ᠮᠢᠺᠷᠣᠪ ᠠᠴᠠ ᠪᠣᠯᠤᠭᠰᠠᠨ ᠶᠤᠮ᠃ ᠡᠪᠡᠳᠴᠢᠨ ᠤ | ᠢᠯᠡᠷᠡᠯ᠄ ᠮᠠᠯ ᠤᠨ ᠭᠤᠷᠪᠠᠨ ᠡᠪᠡᠳᠴᠢᠨ ᠨᠢ ᠪᠦᠷ ᠲᠦᠷᠭᠡᠨ ᠴᠢᠨᠠᠷᠲᠠᠢ ᠬᠠᠯᠳᠠᠪᠤᠷᠢᠲᠤ ᠡᠪᠡᠳᠴᠢᠨ ᠪᠠᠶᠢᠵᠤ᠂ ᠡᠮᠴᠢᠯᠡᠭᠡᠨ ᠤ ᠰᠢᠨᠵᠢ ᠲᠡᠮᠳᠡᠭ ᠦᠭᠡᠢ ᠪᠠᠷ | ᠭᠡᠨᠡᠳᠲᠡ ᠦᠬᠦᠳᠡᠭ᠃ ᠡᠪᠡᠳᠴᠢᠨ ᠤ ᠵᠦᠢ ᠶᠢᠨ ᠬᠤᠪᠢᠷᠠᠯᠲᠠ ᠠᠴᠠ ᠦᠵᠡᠪᠡᠯ᠂ ᠮᠠᠯ ᠤᠨ ᠲᠦᠷᠭᠡᠨ ᠬᠢᠵᠢᠭ ᠨᠢ ᠭᠤᠣᠯᠳᠠᠭᠤ ᠳᠣᠯᠣᠭᠠᠨ ᠰᠦᠪᠡ ᠠᠴᠠ ᠨᠢ | ᠴᠢᠰᠤ ᠭᠠᠷᠬᠤ᠂ ᠦᠬᠦᠳᠡᠯ ᠨᠢ ᠲᠦᠷᠭᠡᠨ ᠢᠯᠵᠢᠷᠡᠬᠦ᠂ ᠰᠢᠩᠭᠡᠭᠡᠯᠲᠡ ᠶᠢᠨ ᠵᠠᠮ ᠳᠤ ᠦᠷᠪᠢᠰᠦᠯ ᠲᠠᠢ ᠮᠥᠷᠲᠡᠭᠡᠨ ᠴᠢᠰᠤ ᠭᠠᠷᠤᠭᠰᠠᠨ ᠲᠣᠯᠪᠤ ᠲᠠᠢ᠂ ᠭᠡᠳᠡᠰᠦ | ᠬᠡᠪᠡᠯᠢ ᠶᠢᠨ ᠬᠥᠨᠳᠡᠢ ᠳᠤ ᠰᠢᠩᠭᠡᠨ ᠬᠤᠷᠠᠳᠠᠭ᠃ ᠮᠠᠯ ᠤᠨ ᠭᠡᠳᠡᠰᠦᠨ ᠤ ᠴᠢᠰᠤᠨ ᠬᠤᠣᠷᠳᠠᠯ ᠤᠨ ᠭᠡᠮ ᠤᠨ ᠭᠤᠣᠯ ᠡᠪᠡᠳᠴᠢᠨ ᠤ ᠬᠤᠪᠢᠷᠠᠯᠲᠠ ᠨᠢ | ᠰᠢᠩᠭᠡᠭᠡᠯᠲᠡ ᠶᠢᠨ ᠵᠠᠮ ᠳᠤ ᠪᠠᠶᠢᠵᠤ᠂ ᠨᠠᠷᠢᠨ ᠭᠡᠳᠡᠰᠦᠨ ᠳᠤ ᠬᠡᠢ ᠳᠦᠭᠦᠷᠦᠨ᠂ ᠰᠠᠯᠢᠰᠤᠲᠤ ᠪᠦᠷᠬᠦᠪᠴᠢ ᠠᠴᠠ ᠴᠢᠰᠤ ᠭᠠᠷᠳᠠᠭ᠂ ᠡᠪᠡᠳᠴᠢᠨ ᠤ ᠢᠯᠡᠷᠬᠡᠢ | ᠬᠤᠪᠢᠷᠠᠯᠲᠠ ᠨᠢ ᠳᠠᠷᠤᠢ ᠪᠥᠭᠡᠷ᠎ᠡ ᠶᠢᠨ ᠵᠥᠭᠡᠯᠡᠷᠡᠯ ᠪᠣᠯᠣᠨ᠎ᠠ᠃ ᠮᠠᠯ ᠤᠨ ᠴᠣᠴᠢᠮᠠᠭ ᠬᠢᠵᠢᠭ ᠨᠢ ᠭᠤᠣᠯᠳᠠᠭᠤ ᠰᠢᠩᠭᠡᠭᠡᠯᠲᠡ ᠶᠢᠨ ᠵᠠᠮ ᠪᠠ ᠡᠷᠭᠢᠯᠲᠡ ᠶᠢᠨ | ᠰᠢᠰᠲ᠋ᠧᠮ ᠤᠨ ᠴᠡᠭᠡᠵᠢᠨ ᠬᠠᠯᠢᠰᠤᠨ ᠤ ᠬᠥᠨᠳᠡᠢ ᠪᠠ ᠦᠩᠬᠦᠯᠴᠡᠭ ᠲᠤ ᠶᠡᠭᠡ ᠬᠡᠮᠵᠢᠶᠡᠨ ᠤ ᠰᠢᠩᠭᠡᠨ ᠬᠤᠷᠠᠳᠠᠭ᠃ ᠰᠡᠷᠭᠡᠶᠢᠯᠡᠨ ᠵᠠᠰᠠᠬᠤ᠄ ᠡᠪᠡᠳᠴᠢᠨ ᠤ ᠶᠠᠪᠤᠴᠠ | ᠨᠢ ᠤᠷᠲᠤ ᠪᠠᠶᠢᠪᠠᠯ ᠬᠦᠬᠡ ᠬᠦᠬᠡᠴᠤ ︵青霉素︶ ᠪᠤᠶᠤ ᠰᠢᠷ᠎ᠠ ᠠᠮᠢᠨ ᠤ ᠲᠥᠷᠥᠯ ᠤᠨ ᠡᠮ ︵黄胺类药物︶ ᠢᠶᠠᠷ ᠡᠮᠨᠡᠵᠦ ᠪᠣᠯᠣᠨ᠎ᠠ᠃ | ᠦᠷᠭᠦᠯᠵᠢ ᠡᠭᠦᠰᠳᠡᠭ ᠪᠣᠯ ᠵᠢᠯ ᠪᠦᠷᠢ ᠶᠢᠨ ᠡᠪᠡᠳᠴᠢᠯᠡᠬᠦ ᠤᠯᠠᠷᠢᠯ ᠠᠴᠠ ᠡᠮᠦᠨ᠎ᠡ ᠮᠠᠯ ᠤᠨ ᠲᠦᠷᠭᠡᠨ ᠬᠢᠵᠢᠭ᠂ ᠮᠠᠯ ᠤᠨ ᠭᠡᠳᠡᠰᠦᠨ ᠤ ᠴᠢᠰᠤᠨ ᠬᠤᠣᠷᠳᠠᠯ ᠤᠨ | ᠭᠡᠮ᠂ ᠮᠠᠯ ᠤᠨ ᠴᠣᠴᠢᠮᠠᠭ ᠡᠪᠡᠳᠴᠢᠨ ᠤ ᠭᠤᠷᠪᠠᠯᠠᠭᠰᠠᠨ ᠲᠠᠷᠢᠯᠭ᠎ᠠ ︵羊快疫、羊肠毒血症、羊猝狙三联苗︶ ᠲᠠᠷᠢᠨ᠎ᠠ᠃ | ᠡᠪᠡᠳᠴᠢᠨ ᠳᠤ ᠨᠡᠷᠪᠡᠭᠳᠡᠭᠰᠡᠨ ᠮᠠᠯ ᠤᠨ ᠰᠦᠷᠦᠭ ᠲᠤ ᠪᠠᠴᠢᠮ ᠰᠡᠷᠭᠡᠶᠢᠯᠡᠬᠦ ᠲᠠᠷᠢᠯᠭ᠎ᠠ ᠬᠢᠵᠦ᠂ ᠦᠬᠦᠭᠰᠡᠨ ᠮᠠᠯ ᠢ ᠬᠤᠣᠷ ᠦᠭᠡᠢ ᠪᠣᠯᠭᠠᠨ ᠰᠢᠢᠳᠪᠦᠷᠢᠯᠡᠵᠦ᠂ | ᠬᠠᠰᠢᠶ᠎ᠠ ᠰᠠᠷᠠᠪᠴᠢ ᠪᠠ ᠣᠷᠴᠢᠨ ᠲᠣᠭᠤᠷᠢᠨ ᠢ ᠲᠤᠶᠢᠯᠪᠤᠷᠢᠲᠠᠢ ᠠᠷᠢᠭᠤᠳᠬᠠᠨ᠎ᠠ᠃ | ︵ᠳᠥᠷᠪᠡ︶ ᠮᠠᠯ ᠤᠨ ᠭᠢᠨᠵᠢᠯᠢᠭ ᠪᠥᠮᠪᠥᠭᠡᠨ ᠪᠠᠺᠲ᠋ᠧᠷᠢᠲᠦ ᠡᠪᠡᠳᠴᠢᠨ᠃ ᠠᠳᠠᠯᠢ ᠪᠤᠰᠤ ᠨᠠᠰᠤᠨ ᠤ ᠬᠤᠨᠢ ᠢᠮᠠᠭᠠᠨ ᠳᠤ ᠣᠷᠣᠳᠠᠭ᠂ ᠣᠨᠴᠠᠭᠠᠶᠢᠯᠠᠨ | ᠡᠪᠦᠯ ᠬᠠᠪᠤᠷ ᠤᠨ ᠤᠯᠠᠷᠢᠯ ᠳᠤ ᠬᠠᠮᠤᠭ ᠠᠮᠠᠷᠬᠠᠨ ᠡᠭᠦᠰᠳᠡᠭ᠃ ᠡᠪᠡᠳᠴᠢᠨ ᠤ ᠢᠯᠡᠷᠡᠯ᠄ ᠡᠪᠡᠳᠴᠢᠨ ᠲᠠᠢ ᠮᠠᠯ ᠤᠨ ᠪᠡᠶ᠎ᠡ ᠶᠢᠨ ᠬᠠᠯᠠᠭᠤᠨ ᠨᠢ 41℃ ᠢ ᠳᠠᠪᠠᠵᠤ᠂ | ᠳᠤᠷᠠᠰᠢᠯ ᠮᠠᠭᠤᠳᠠᠬᠤ᠂ ᠬᠠᠨᠢᠶᠠᠬᠤ᠂ ᠯᠢᠮᠹᠠ ᠶᠢᠨ ᠪᠤᠯᠴᠢᠷᠬᠠᠢ ᠨᠢ ᠬᠠᠪᠤᠳᠬᠤ ᠵᠡᠷᠭᠡ ᠠᠴᠠ ᠭᠠᠳᠠᠨ᠎ᠠ ᠪᠠᠰᠠ ᠨᠡᠶᠢᠯᠡᠮᠡᠯ ᠪᠦᠷᠬᠦᠪᠴᠢ ᠶᠢᠨ ᠦᠷᠪᠢᠰᠦᠯ᠂ ᠠᠮᠠᠨ | ᠬᠥᠨᠳᠡᠢ ᠶᠢᠨ ᠡᠪᠡᠳᠴᠢᠨ ᠤ ᠰᠢᠨᠵᠢ᠂ ᠪᠠᠭᠠᠰᠤ ᠰᠢᠭᠡᠰᠦᠨ ᠳᠤ ᠴᠢᠰᠤ ᠲᠠᠢ ᠪᠣᠯᠬᠤ᠂ ᠬᠡᠭᠡᠯᠢ ᠲᠠᠢ ᠮᠠᠯ ᠬᠡᠭᠡᠯᠢ ᠬᠠᠶᠠᠬᠤ ᠵᠢᠴᠢ ᠮᠡᠳᠡᠷᠡᠯ ᠤᠨ ᠡᠪᠡᠳᠴᠢᠨ ᠤ | ᠰᠢᠨᠵᠢ ᠲᠠᠢ ᠪᠠᠶᠢᠵᠤ ᠮᠡᠳᠡᠨ᠎ᠡ᠃ ᠰᠡᠷᠭᠡᠶᠢᠯᠡᠨ ᠵᠠᠰᠠᠬᠤ᠄ ᠬᠦᠬᠦᠷᠡᠨᠢᠯ ᠠᠮᠢᠨ ᠤ ᠲᠢᠶᠠᠽᠤᠯ ᠨᠠᠲᠷᠢ ᠵᠡᠭᠦᠯᠡᠬᠦ ︵磺胺噻唑钠注射︶ ᠪᠤᠶᠤ | ᠬᠦᠬᠦᠷᠡᠨᠢᠯ ᠠᠮᠢᠨ ᠤ ᠫᠢᠷᠢᠮᠢᠳᠢᠨ ︵磺胺嘧啶︶᠂ ᠨᠡᠶᠢᠯᠡᠮᠡᠯ ᠰᠢᠨ᠎ᠡ ᠨᠤᠮᠢᠩ ︵复方新诺明︶ ᠢ ᠴᠢᠳᠬᠤᠨ᠎ᠠ᠃ | ᠬᠤᠶᠠᠷ᠂ ᠬᠢᠵᠢᠭ ᠡᠪᠡᠳᠴᠢᠨ ᠢ ᠬᠢᠨᠠᠨ ᠪᠠᠶᠢᠴᠠᠭᠠᠬᠤ ᠵᠢᠴᠢ ᠦᠢᠯᠡᠴᠢᠯᠡᠬᠦ ᠠᠷᠭ᠎ᠠ ᠮᠠᠶ᠋ᠢᠭ | ︵ᠨᠢᠭᠡ︶ ᠬᠤᠰᠢᠭᠤ᠂ ᠰᠤᠮᠤ ᠪᠠᠯᠭᠠᠰᠤᠨ ᠤ ᠬᠠᠷᠢᠯᠴᠠᠬᠤ ᠠᠷᠭ᠎ᠠ ᠮᠠᠶ᠋ᠢᠭ | ᠬᠤᠰᠢᠭᠤᠨ ᠤ ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠥᠪ ᠤᠨ ᠠᠯᠢᠮ᠎ᠠ᠂ ᠬᠠᠷᠢᠯᠴᠠᠬᠤ ᠤᠲᠠᠰᠤ᠄ 13474891251 | ᠤᠯᠠᠭᠠᠨᠪᠠᠯᠭᠠᠰᠣᠨ ᠤ ᠪᠠᠲᠤᠸ᠋ᠴᠢᠷ ᠂ ᠬᠠᠷᠢᠯᠴᠠᠬᠤ ᠤᠲᠠᠰᠤ᠄ 13734774885 | ᠴᠢ ᠫᠠᠨ ᠵᠢᠩ ᠪᠠᠯᠭᠠᠰᠤᠨ ᠤ ᠪᠦᠷᠢᠨᠵᠢᠷᠭᠠᠯ᠂ ᠬᠠᠷᠢᠯᠴᠠᠬᠤ ᠤᠲᠠᠰᠤ᠄ 15804816730 | ᠦᠮᠡᠬᠡᠶᠢᠨᠠᠭᠤᠷ ᠪᠠᠯᠭᠠᠰᠤᠨ ᠤ ᠾᠧ ᠵᠧᠨ ᠫᠢᠩ᠂ ᠬᠠᠷᠢᠯᠴᠠᠬᠤ ᠤᠲᠠᠰᠤ᠄ 13847799055 | ᠠᠷᠪᠠᠰ ᠰᠤᠮᠤᠨ ᠤ ᠦᠯᠵᠡᠶᠢᠮᠡᠨᠲᠤ᠂ ᠬᠠᠷᠢᠯᠴᠠᠬᠤ ᠤᠲᠠᠰᠤ᠄ 15894830172 | ᠰᠦᠮᠡᠲᠤ ᠰᠤᠮᠤᠨ ᠤ ᠵᠠᠶᠠᠭᠠᠲᠤ᠂ ᠬᠠᠷᠢᠯᠴᠠᠬᠤ ᠤᠲᠠᠰᠤ᠄ 13500675875 | ᠮᠧᠩ ᠰᠢ ᠪᠠᠯᠭᠠᠰᠤᠨ ᠤ ᠸᠠᠩ ᠶᠢᠨ ᠳ᠋ᠦᠩ᠂ ᠬᠠᠷᠢᠯᠴᠠᠬᠤ ᠤᠲᠠᠰᠤ᠄ 13789473315 | ︵ᠬᠤᠶᠠᠷ︶ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠯᠴᠠᠬᠤ ᠠᠷᠭ᠎ᠠ ᠮᠠᠶ᠋ᠢᠭ | ᠬᠤᠰᠢᠭᠤᠨ ᠤ ᠲᠠᠰ ᠤᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠮᠦ ᠺᠠᠩ ᠺᠣᠮᠫᠠᠨᠢ ᠶᠢᠨ ᠮᠠᠯ ᠤᠨ ᠡᠮᠨᠡᠯᠭᠡ ᠶᠢᠨ ᠬᠤᠷᠢᠶ᠎ᠠ᠂ | ᠬᠠᠰᠪᠦ᠋ᠬᠡ᠂ ᠬᠠᠷᠢᠯᠴᠠᠬᠤ ᠤᠲᠠᠰᠤ᠄ 15034794672 | ᠠᠮᠢᠲᠠᠨ ᠤ 120 ᠲᠦᠷᠭᠡᠨ ᠠᠪᠤᠷᠠᠯᠲᠠ ᠶᠢᠨ ᠤᠲᠠᠰᠤ᠄ 0477- 6531120 | ᠤᠯᠠᠭᠠᠨᠪᠠᠯᠭᠠᠰᠣᠨ ᠤ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠮᠥᠷᠡᠨ᠂ ᠬᠠᠷᠢᠯᠴᠠᠬᠤ | ᠤᠲᠠᠰᠤ᠄ 13614775058 | ᠴᠢ ᠫᠠᠨ ᠵᠢᠩ ᠪᠠᠯᠭᠠᠰᠤᠨ ᠤ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠸᠧᠨ ᠹᠧᠩ᠂ | ᠬᠠᠷᠢᠯᠴᠠᠬᠤ ᠤᠲᠠᠰᠤ᠄ 13474877187 | ᠮᠧᠩ ᠰᠢ ᠪᠠᠯᠭᠠᠰᠤᠨ ᠤ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠸᠠᠩ ᠵᠠᠨ ᠵᠢᠶᠦ᠋ᠨ᠂ | ᠬᠠᠷᠢᠯᠴᠠᠬᠤ ᠤᠲᠠᠰᠤ᠄ 13789473450 | ᠦᠮᠡᠬᠡᠶᠢᠨᠠᠭᠤᠷ ᠪᠠᠯᠭᠠᠰᠤᠨ ᠤ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠵᠢᠷᠭᠠᠯ᠂ | ᠬᠠᠷᠢᠯᠴᠠᠬᠤ ᠤᠲᠠᠰᠤ᠄ 18847771131 | ᠠᠷᠪᠠᠰ ᠰᠤᠮᠤᠨ ᠤ ᠰᠢᠨᠡᠵᠦᠦ ᠶᠢᠨ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ | ᠲᠦᠮᠡᠨᠬᠡᠰᠢᠭ᠂ ᠬᠠᠷᠢᠯᠴᠠᠬᠤ ᠤᠲᠠᠰᠤ᠄ 13948679979 | ᠴᠠᠪ ᠤᠨ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠦᠯᠵᠡᠶᠢᠬᠤᠲᠤᠭ᠂ ᠬᠠᠷᠢᠯᠴᠠᠬᠤ | ᠤᠲᠠᠰᠤ᠄ 15047135438 | ᠰᠥᠮᠡᠲᠤ ᠰᠤᠮᠤᠨ ᠤ ᠮᠠᠯ ᠡᠮᠨᠡᠯᠭᠡ ᠶᠢᠨ ᠨᠡᠶᠢᠭᠡᠮᠴᠢᠯᠡᠭᠰᠡᠨ ᠦᠢᠯᠡᠴᠢᠯᠡᠭᠡᠨ ᠤ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ᠂ ᠨᠠᠷᠠᠰᠤ᠂ ᠬᠠᠷᠢᠯᠴᠠᠬᠤ | ᠤᠲᠠᠰᠤ᠄ 13474878121 | ᠭᠤᠷᠪᠠ᠂ ᠠᠩᠬᠠᠷᠬᠤ ᠵᠦᠢᠯ | ⒈ ᠮᠠᠯᠴᠢᠨ ᠲᠠᠷᠢᠶᠠᠴᠢᠨ ᠡᠷᠦᠬᠡ ᠬᠤᠭᠤᠷᠣᠨᠳᠤ ᠪᠠᠨ ᠮᠠᠯ ᠰᠦᠷᠦᠭ ᠢᠶᠠᠨ ᠨᠡᠶᠢᠯᠡᠭᠦᠯᠬᠦ ᠶᠢ ᠬᠤᠷᠢᠭᠯᠠᠵᠤ᠂ ᠭᠠᠳᠠᠨ᠎ᠠ ᠠᠴᠠ ᠠᠪᠴᠢᠷᠠᠭᠰᠠᠨ ᠮᠠᠯ ᠤᠨ | ᠬᠢᠵᠢᠭ ᠢ ᠪᠠᠶᠢᠴᠠᠭᠠᠵᠤ ᠲᠤᠰᠠᠭᠠᠷᠯᠠᠨ᠎ᠠ︔ ᠬᠢᠵᠢᠭ ᠳᠡᠯᠭᠡᠷᠡᠬᠦ ᠶᠢ ᠰᠡᠷᠭᠡᠶᠢᠯᠡᠨ᠎ᠡ᠃ | ⒉ᠬᠢᠵᠢᠭ ᠢ ᠰᠡᠷᠭᠡᠶᠢᠯᠡᠬᠦ ᠠᠵᠢᠯᠲᠠᠳ ᠬᠢᠵᠢᠭ ᠢ ᠰᠡᠷᠭᠡᠶᠢᠯᠡᠬᠦ ᠳᠦᠷᠢᠮ ᠢ ᠴᠢᠩᠭ᠎ᠠ ᠵᠢᠷᠤᠮᠯᠠᠨ᠂ ᠬᠢᠵᠢᠭ ᠡᠪᠡᠳᠴᠢᠨ ᠰᠣᠯᠪᠢᠴᠠᠨ ᠬᠠᠯᠳᠠᠪᠤᠷᠢᠯᠠᠬᠤ ᠠᠴᠠ | ᠵᠠᠶᠢᠯᠠᠰᠬᠢᠨ᠎ᠠ᠃ | | |