ᠮᠣᠩᠭᠤᠯ ᠦᠨᠳᠦᠰᠦᠲᠡᠨ᠂ ᠡᠷᠡᠭᠲᠡᠢ᠂ 1914 ᠣᠨ ᠳᠤ ᠣᠲᠤᠭ ᠬᠤᠰᠢᠭᠤᠨ ᠳᠤ ᠲᠥᠷᠥᠵᠡᠢ᠃ ᠴᠤᠬᠤᠮ ᠨᠡᠷ᠎ᠡ ᠨᠢ ᠬᠦᠷᠦᠳᠢᠸᠠ᠂ ᠷᠢᠮᠪᠤᠴᠠᠢ ︵ᠡᠭᠦᠨ ᠢ | ᠪᠠᠰᠠ ᠷᠢᠮᠪᠤᠴᠠ᠂ ᠷᠢᠮᠪᠦ᠋ᠴᠢ ᠭᠡᠵᠦ ᠪᠢᠴᠢᠳᠡᠭ᠂ ᠡᠷᠳᠡᠨᠢ ᠬᠤᠪᠢᠯᠭᠠᠨ ᠬᠤᠲᠤᠭᠲᠤ ᠶᠢᠨ ᠬᠦᠨᠳᠦᠳᠬᠡᠯ᠃ ᠲᠥᠪᠡᠳ ᠭᠠᠷᠤᠯᠲᠠᠢ ᠦᠭᠡ︶ ᠭᠡᠳᠡᠭ ᠨᠢ ᠲᠡᠭᠦᠨ ᠤ | ᠡᠷᠳᠡᠮ ᠤᠨ ᠬᠦᠨᠳᠦᠳᠬᠡᠯ ᠴᠣᠯᠠ ᠨᠡᠷ᠎ᠡ᠃ | ᠲᠡᠷᠡ ᠠᠷᠪᠠᠨ ᠬᠡᠳᠦᠨ ᠨᠠᠰᠤᠲᠠᠢ ᠳᠤ ᠪᠠᠨ ᠲᠥᠷᠥᠯᠬᠢ ᠨᠤᠲᠤᠭ ᠣᠲᠤᠭ ᠬᠤᠰᠢᠭᠤᠨ ᠠᠴᠠ ᠡᠭᠦᠷᠭᠡ ᠡᠭᠦᠷᠴᠦ ᠪᠠᠳᠢᠷᠴᠢᠯᠠᠨ ᠶᠠᠪᠤᠭᠰᠠᠭᠠᠷ ᠡᠨᠡᠳᠬᠡᠭ᠂ | ᠲᠥᠪᠡᠳ ᠭᠠᠵᠠᠷ ᠢᠶᠠᠷ ᠣᠯᠠᠨ ᠵᠢᠯ ᠰᠠᠭᠤᠵᠤ ᠪᠣᠳ᠋ᠳ᠋ᠾᠨ ᠶᠢᠨ ᠱᠠᠰᠢᠨ ᠤ ᠶᠡᠭᠡ ᠪᠠᠭ᠎ᠠ ᠠᠷᠪᠢᠨ ᠨᠣᠮ ᠳᠤ ᠭᠦᠨᠵᠡᠭᠡᠢ ᠪᠣᠯᠪᠠᠰᠤᠷᠠᠭᠰᠠᠨ ᠬᠡᠭᠡᠨ ᠬᠦᠮᠦᠨ ᠶᠤᠮ᠃ | ᠲᠡᠷᠡ ᠪᠠᠷ 1990 ᠬᠡᠳᠦᠨ ᠣᠨ ᠳᠤ ᠮᠣᠩᠭᠤᠯ ᠣᠷᠣᠨ ᠳᠤ ᠪᠠᠨ ᠢᠷᠠᠵᠤ ᠮᠣᠩᠭᠤᠯ ᠤᠯᠤᠰ ᠤᠨ ᠬᠡᠶᠢᠳ ᠠᠮᠤᠷᠪᠠᠶᠠᠰᠬᠤᠯᠠᠩ ᠵᠡᠷᠭᠡ ᠣᠯᠠᠨ ᠣᠷᠣᠨ ᠬᠡᠶᠢᠳ ᠢ | ᠰᠡᠷᠭᠦᠭᠡᠨ ᠵᠠᠰᠠᠬᠤ ᠳᠤ ᠥᠭᠯᠢᠭᠡ ᠶᠢᠨ ᠡᠵᠡᠨ ᠪᠣᠯᠣᠭᠰᠠᠨ ᠪᠤᠶᠠᠨ ᠲᠠᠢ ᠯᠠᠮᠠ ᠬᠦᠮᠦᠨ ᠶᠤᠮ᠃ 2009 ᠣᠨ ᠳᠤ ᠮᠣᠩᠭᠤᠯ ᠤᠯᠤᠰ ᠲᠤ ᠨᠠᠰᠤ ᠪᠠᠷᠠᠪᠠ᠃ | | ︽ᠣᠲᠤᠭ ᠬᠤᠰᠢᠭᠤᠨ ᠤ ᠦᠨᠳᠦᠰᠦᠲᠡᠨ ᠤ ᠣᠶᠢᠯᠠᠯᠭ᠎ᠠ︾ ︽ᠣᠲᠤᠭ ᠬᠤᠰᠢᠭᠤᠨ ᠤ ᠦᠨᠳᠦᠰᠦᠲᠡᠨ ᠤ ᠣᠶᠢᠯᠠᠯᠭ᠎ᠠ︾ | ᠨᠠᠶᠢᠷᠠᠭᠤᠯᠬᠤ ᠺᠣᠮᠢᠰ ᠨᠠᠶᠢᠷᠠᠭᠤᠯᠪᠠ | | | | |