ᠬᠥᠬᠡ ᠲᠤᠭᠤᠷᠤᠤ
ᠨᠡᠶᠢᠲᠡᠯᠡᠭᠰᠡᠨ ᠴᠠᠭ᠄
2024/9/6
      ᠲᠣᠮᠣ ᠣᠶᠢᠮᠤᠭᠴᠢ ᠰᠢᠪᠠᠭᠤ ᠪᠣᠯᠣᠨ᠎ᠠ᠃ ᠪᠦᠬᠦ ᠤᠷᠲᠤ ᠨᠢ ᠪᠠᠷᠤᠭ 110 ᠰᠡᠨᠲ᠋ᠢᠮᠧᠲᠷ ᠪᠠᠶᠢᠳᠠᠭ᠃ ᠥᠳᠥ ᠨᠢ ᠬᠥᠬᠡ ᠰᠠᠭᠠᠷᠠᠯ ᠥᠩᠭᠡ ᠲᠠᠢ᠃ ᠣᠷᠣᠰᠢᠨ ᠠᠮᠢᠳᠤᠷᠠᠬᠤ ᠬᠡᠪᠴᠢᠶ᠎ᠡ ᠨᠢ ᠨᠡᠯᠢᠶᠡᠳ ᠥᠷᠭᠡᠨ ᠪᠠᠶᠢᠳᠠᠭ᠃ ᠤᠰᠤᠨ ᠠᠴᠠ ᠣᠶᠢᠷ᠎ᠠ ᠲᠠᠯ᠎ᠠ ᠭᠠᠵᠠᠷ᠂ ᠬᠡᠭᠡᠷ᠎ᠡ ᠲᠠᠯ᠎ᠠ᠂ ᠡᠯᠡᠰᠦᠨ ᠲᠠᠩ᠂ ᠳᠣᠪᠣᠴᠠᠭ ᠵᠡᠷᠭᠡ ᠭᠠᠵᠠᠷ ᠲᠤ ᠪᠦᠷ ᠪᠠᠶᠢᠳᠠᠭ᠃ ᠤᠰᠤᠨ ᠤ ᠤᠷᠭᠤᠮᠠᠯ᠂ ᠨᠢᠯᠬ᠎ᠠ ᠨᠠᠬᠢᠶ᠎ᠠ᠂ ᠬᠡᠭᠡᠷ᠎ᠡ ᠶᠢᠨ ᠡᠪᠡᠰᠦᠨ ᠤ ᠦᠷ᠎ᠡ᠂ ᠠᠮᠤ ᠪᠤᠳᠠᠭ᠎ᠠ ᠪᠠᠷ ᠢᠳᠡᠰᠢ ᠪᠣᠯᠭᠠᠳᠠᠭ᠃ 5 — 6 ᠳ᠋ᠤᠭᠠᠷ ᠰᠠᠷ᠎ᠠ ᠳᠤ ᠥᠨᠳᠡᠭᠡᠯᠡᠵᠦ ᠥᠨᠳᠡᠭᠡ ᠪᠠᠨ ᠨᠡᠪᠴᠢᠭᠦᠯᠦᠨ᠎ᠡ᠃ ᠡᠭᠦᠷ ᠨᠢ ᠲᠤᠩ ᠳᠥᠭᠦᠮ ᠪᠦᠳᠦᠭᠦᠯᠢᠭ᠂ ᠡᠭᠦᠷ ᠪᠦᠷᠢ ᠬᠤᠶᠠᠷ ᠥᠨᠳᠡᠭᠡ ᠥᠨᠳᠡᠭᠡᠯᠡᠨ᠎ᠡ᠂ ᠴᠠᠶᠢᠪᠤᠷ ᠬᠦᠷᠡᠩ ᠪᠤᠶᠤ ᠤᠯᠠᠭᠠᠨ ᠬᠦᠷᠡᠩ ᠥᠩᠭᠡ ᠲᠠᠢ᠃      ᠤᠯᠤᠰ ᠤᠨ ᠬᠤᠶᠠᠳᠤᠭᠠᠷ ᠲᠡᠰ ᠤᠨ ᠬᠠᠮᠠᠭᠠᠯᠠᠯᠲᠠ ᠶᠢᠨ ᠠᠮᠢᠲᠠᠨ ᠮᠥᠨ᠃                   ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ