ᠬᠤᠨ ᠭᠠᠯᠠᠭᠤ ᠨᠠᠭᠤᠷ ᠤᠨ ᠴᠢᠮᠡᠭ | ᠬᠤᠪᠴᠠᠰᠤ ᠬᠤᠨᠠᠷ ᠪᠡᠶ᠎ᠡ ᠶᠢᠨ ᠴᠢᠮᠡᠭ | ᠬᠤᠨᠢ ᠢᠮᠠᠭ᠎ᠠ ᠬᠤᠲᠠ ᠶᠢᠨ ᠴᠢᠮᠡᠭ | ᠬᠤᠨᠢ ᠢᠳᠡᠭᠰᠡᠨ ᠴᠢᠨ᠋ᠸ᠎ᠠ ᠬᠤᠩᠬᠢᠯ ᠳᠤ | ᠬᠤᠭᠤᠰᠤᠨ ᠴᠢᠨ᠋ᠸ᠎ᠠ ᠬᠤᠮᠣᠷᠭᠠᠨ ᠳᠤ | ᠲᠡᠨᠡᠭ ᠬᠥᠮᠥᠨ ᠳᠡᠭ ᠳᠤᠮᠳᠠᠭᠤᠷ | ᠲᠡᠮᠡᠭᠡ ᠢᠮᠠᠭ᠎ᠠ ᠮᠠᠩᠬᠠᠨ ᠳᠤᠮᠳᠠᠭᠤᠷ | ᠲᠡᠷᠭᠡ ᠤᠨᠤᠭ᠎ᠠ ᠵᠠᠮ ᠳᠤᠮᠳᠠᠭᠤᠷ | ᠴᠠᠭ ᠤᠨ ᠬᠤᠷ᠎ᠠ ᠳᠤ ᠴᠠᠰᠤ ᠴᠠᠭᠠᠨ | ᠴᠠᠶᠢᠷᠠᠨ ᠬᠥᠪᠥᠯᠵᠡᠬᠦ ᠳᠤ ᠡᠭᠦᠯᠡ ᠴᠠᠭᠠᠨ | ᠴᠠᠶᠢᠳᠠᠮ ᠲᠠᠯ᠎ᠠ ᠳᠤ ᠬᠤᠨᠢ ᠴᠠᠭᠠᠨ | ᠬᠤᠨᠢᠨ ᠳᠡᠷᠭᠡᠳᠡ ᠪᠠᠭᠠᠲᠤᠷ | ᠪᠠᠭᠠᠲᠤᠷ ᠤᠨ ᠳᠡᠷᠭᠡᠳᠡ ᠬᠤᠨᠢ | ᠬᠤᠨᠢ ᠴᠥᠭᠡᠨᠲᠤ ᠶᠢᠨ ᠬᠤᠷᠮᠣᠢ ᠪᠣᠭᠤᠨᠢ | ᠤᠬᠠᠭᠠᠨ ᠮᠠᠭᠤᠲᠤ ᠶᠢᠨ ᠬᠤᠰᠢᠭᠤ ᠪᠤᠭᠤᠨᠢ | ᠬᠤᠨᠢ ᠲᠠᠢ ᠠᠶᠢᠯ ᠬᠤᠭᠤᠯᠠ ᠲᠠᠢ | ᠬᠤᠷᠭᠤᠯ ᠲᠠᠢ ᠠᠶᠢᠯ ᠢᠯᠴᠢ ᠲᠠᠢ | ᠬᠤᠷᠠᠭᠠᠨ ᠬᠤᠴᠠ ᠮᠠᠶᠢᠯᠠᠪᠠᠯ ᠦᠬᠦᠬᠦ ᠶᠢᠨ ᠲᠡᠮᠳᠡᠭ | ᠬᠤᠸᠠᠷᠠᠭ ᠯᠠᠮᠠ ᠳᠠᠭᠤᠯᠠᠪᠠᠯ ᠭᠤᠲᠤᠷᠠᠬᠤ ᠶᠢᠨ ᠲᠡᠮᠳᠡᠭ | ᠬᠤᠷᠠᠭ᠎ᠠ ᠲᠡᠵᠢᠭᠡᠪᠡᠯ ᠲᠤᠰᠤᠳᠠᠬᠤ | ᠪᠡᠯᠲᠡᠷᠭᠡ ᠲᠡᠵᠢᠭᠡᠪᠡᠯ ᠴᠢᠰᠤᠳᠠᠬᠤ | ᠰᠠᠶᠢᠨ ᠬᠥᠮᠥᠨ ᠳᠠᠪᠰᠢᠪᠠᠯ ᠬᠤᠨᠢ ᠪᠣᠯᠬᠤ | ᠮᠠᠭᠤ ᠬᠥᠮᠥᠨ ᠳᠠᠪᠰᠢᠪᠠᠯ ᠴᠢᠨ᠋ᠸ᠎ᠠ ᠪᠣᠯᠬᠤ | | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ | ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | | | | | | | | |