ᠲᠥᠷᠥᠯ ᠲᠥᠷᠥᠯ ᠳᠤ ᠪᠠᠨ ᠮᠠᠭᠤ | ᠲᠡᠮᠡᠭᠡ ᠬᠠᠮᠠᠭᠤᠨ ᠳᠤ ᠪᠠᠨ ᠮᠠᠭᠤ | ᠲᠣᠭᠰᠢᠨ ᠲᠡᠮᠡᠭᠡ ᠶᠢ ᠪᠤᠷᠠᠨᠳᠠᠭ ᠢᠶᠠᠷ | ᠲᠣᠭᠰᠢᠨ ᠵᠠᠡᠩ ᠢ ᠠᠷᠭ᠎ᠠ ᠪᠠᠷ | ᠪᠣᠲᠣᠭᠤ ᠳᠤ ᠪᠠᠨ ᠪᠣᠶᠢᠯᠠᠭᠰᠠᠨ ᠢᠩᠭᠡ | ᠲᠡᠰᠢᠭᠦᠯᠵᠦ ᠶᠠᠪᠤᠬᠤ ᠨᠢ ᠵᠢᠷᠤᠭ᠎ᠠ | ᠲᠡᠮᠡᠭᠡᠨ ᠤ ᠬᠦᠶᠦᠬᠦ ᠨᠢ ᠲᠤᠶᠢᠯᠠᠬᠤ ᠠᠳᠠᠯᠢ | ᠲᠡᠨᠡᠭ ᠤᠨ ᠬᠡᠯᠡᠯᠴᠡᠬᠦ ᠨᠢ ᠬᠡᠷᠡᠯᠳᠦᠬᠦ ᠠᠳᠠᠯᠢ | ᠦᠬᠦᠭᠰᠡᠨ ᠪᠤᠤᠷ᠎ᠠ ᠠᠴᠠ ᠠᠮᠢᠳᠤ ᠲᠠᠶᠢᠯᠤᠭ ᠠᠶᠤᠬᠤ | ᠦᠬᠦᠭᠰᠡᠨ ᠮᠤᠤᠷ ᠠᠴᠠ ᠠᠮᠢᠳᠤ ᠬᠤᠯᠤᠭᠠᠨ᠎ᠠ ᠠᠶᠤᠬᠤ | ᠤᠷᠤᠭᠰᠠᠨ ᠪᠤᠤᠷ᠎ᠠ ᠰᠢᠯᠢ ᠪᠠᠨ ᠡᠷᠭᠦᠬᠦ | ᠣᠷᠭᠢᠶ᠎ᠠ ᠬᠥᠮᠥᠨ ᠪᠡᠶ᠎ᠡ ᠪᠠᠨ ᠡᠷᠭᠦᠬᠦ | ᠲᠡᠮᠡᠭᠡᠨ ᠲᠤᠯᠤᠭᠠᠢ ᠲᠡᠪᠰᠢᠨ ᠳᠤ ᠪᠠᠭᠲᠠᠬᠤ ᠦᠭᠡᠢ | ᠳᠡᠨᠳᠡᠭᠡᠷ ᠬᠠᠲᠤᠨ ᠶᠠᠮᠤᠨ ᠳᠤ ᠪᠠᠭᠲᠠᠬᠤ ᠦᠭᠡᠢ | ᠬᠥᠮᠥᠨ ᠬᠢᠷᠢ ᠪᠠᠷ ᠢᠶᠠᠨ | ᠲᠡᠮᠡᠭᠡ ᠲᠡᠩᠨᠡᠭᠡ ᠪᠠᠷ ᠢᠶᠠᠨ | ᠲᠡᠮᠠᠬᠢᠨ ᠤ ᠪᠣᠬᠢ ᠭᠡᠴᠡᠭᠦᠦ | ᠲᠡᠮᠡᠭᠡᠨ ᠤ ᠪᠤᠤᠷ᠎ᠠ ᠭᠡᠴᠡᠭᠦᠦ | ᠲᠡᠮᠡᠭᠡ ᠬᠤᠯᠠᠭᠠᠶᠢᠯᠠᠪᠠᠴᠤ ᠬᠤᠯᠠᠭᠠᠶᠢᠴᠢ | ᠲᠠᠪᠠᠨ᠎ᠠ ᠬᠤᠯᠠᠭᠠᠶᠢᠯᠠᠪᠠᠴᠤ ᠬᠤᠯᠠᠭᠠᠶᠢᠴᠢ | ᠲᠡᠮᠡᠭᠡᠨ ᠤ ᠠᠴᠢᠶᠠᠨ ᠳᠤ | ᠲᠠᠤᠯᠠᠢ ᠬᠦᠨᠳᠦᠷᠡᠬᠦ ᠦᠭᠡᠢ | ᠲᠡᠨᠡᠭ ᠬᠤᠷᠢ ᠬᠦᠷᠪᠡᠯ ᠶᠡᠬᠡᠳᠤᠨᠡ | ᠲᠠᠶᠢᠯᠤᠭ ᠬᠤᠶᠠᠷ ᠬᠦᠷᠪᠡᠯ ᠰᠣᠭᠲᠣᠨ᠎ᠠ | ᠲᠡᠮᠡᠭᠡ ᠪᠣᠯᠪᠠᠴᠤ ᠰᠥᠭᠦᠳᠬᠦ ᠶᠢ ᠮᠡᠳᠡᠬᠦ | ᠲᠡᠨᠡᠭ ᠪᠣᠯᠪᠠᠴᠤ ᠬᠠᠷᠢᠶᠠᠬᠤ ᠶᠢ ᠮᠡᠳᠡᠬᠦ | ᠲᠠᠪᠠᠨᠠᠨ ᠴᠢᠨᠡᠭᠡᠨ ᠨᠥᠬᠡ ᠲᠠᠢ | ᠲᠡᠮᠡᠭᠡᠨ ᠴᠢᠨᠡᠭᠡᠨ ᠰᠠᠯᠬᠢ ᠣᠷᠣᠬᠤ | ᠲᠡᠮᠡᠭᠡ ᠶᠡᠭᠡ ᠴᠤ ᠲᠡᠵᠢᠭᠡᠪᠦᠷᠢ ᠶᠢᠨ ᠮᠠᠯ | ᠲᠠᠤᠯᠠᠢ ᠪᠠᠭ᠎ᠠ ᠴᠤ ᠲᠠᠯ᠎ᠠ ᠶᠢᠨ ᠭᠥᠷᠥᠭᠡᠰᠦ | ᠲᠡᠩ ᠦᠭᠡᠢ ᠠᠴᠢᠶ᠎ᠠ ᠲᠠᠮᠡᠭᠡᠨ ᠤ ᠵᠣᠪᠠᠯᠠᠩ | ᠲᠡᠩᠴᠡᠭᠦᠷᠢ ᠦᠭᠡᠢ ᠠᠮᠠᠷᠠᠭ ᠰᠡᠳᠬᠢᠯ ᠤᠨ ᠵᠣᠪᠠᠯᠠᠩ | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ | ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | | |