ᠢᠮᠠᠭᠠᠨ ᠤ ᠲᠤᠬᠠᠢ ᠵᠦᠢᠷ ᠰᠡᠴᠡᠨ ᠦᠭᠡᠰ ︵ᠨᠢᠭᠡ︶
ᠨᠡᠶᠢᠲᠡᠯᠡᠭᠰᠡᠨ ᠴᠠᠭ᠄
2025/1/24
      ᠯᠠᠮᠠ ᠯᠠᠮᠠ ᠲᠠᠢ ᠪᠠᠨ ᠮᠠᠭᠤ      ᠢᠮᠠᠭ᠎ᠠ ᠬᠠᠮᠠᠭᠤᠨ ᠳᠤ ᠮᠠᠭᠤ            ᠡᠷᠳᠡᠮ ᠪᠠᠭ᠎ᠠ ᠲᠠᠢ ᠶᠢᠨ ᠤᠮᠤᠭ ᠶᠡᠭᠡ            ᠢᠰᠢᠭᠡ ᠤᠬᠤᠨ᠎ᠡ ᠶᠢᠨ ᠲᠤᠴᠢᠭ ᠶᠡᠭᠡ      ᠯᠠᠮᠠ ᠮᠠᠭᠤᠳᠠᠪᠠᠯ ᠳᠠᠭᠤᠯᠠᠬᠤ      ᠢᠮᠠᠭ᠎ᠠ ᠮᠠᠭᠤᠳᠠᠪᠠᠯ ᠮᠠᠶᠢᠯᠠᠬᠤ            ᠶᠠᠪᠠᠭᠠᠨ ᠬᠥᠮᠥᠨ ᠳᠠᠪᠠᠭ᠎ᠠ ᠠᠴᠠ ᠠᠶᠤᠬᠤ            ᠶᠠᠩᠭᠢᠷ ᠢᠮᠠᠭ᠎ᠠ ᠬᠦᠢᠲᠡᠨ ᠠᠴᠠ ᠠᠶᠤᠬᠤ            ᠶᠠᠯ᠎ᠠ ᠲᠠᠢ ᠬᠥᠮᠥᠨ ᠬᠠᠤᠯᠢ ᠠᠴᠠ ᠠᠶᠤᠬᠤ            ᠢᠮᠠᠭ᠎ᠠ ᠲᠠᠢ ᠬᠥᠮᠥᠨ ᠬᠠᠮᠠᠭᠤ ᠠᠴᠠ ᠠᠶᠤᠬᠤ      ᠶᠠᠮᠠᠨᠳᠠᠭ ᠪᠤᠷᠬᠠᠨ ᠤ ᠰᠠᠩ ᠠᠷᠪᠢᠨ      ᠢᠮᠠᠭᠠᠨ ᠡᠷᠡᠤ ᠶᠢᠨ ᠰᠠᠬᠠᠯ ᠠᠷᠪᠢᠨ            ᠢᠮᠠᠭ᠎ᠠ ᠲᠤᠶᠢᠯᠠᠪᠠᠴᠤ ᠶᠠᠩᠭᠢᠷᠴᠠᠭ ᠡᠪᠳᠡᠬᠦ ᠦᠭᠡᠢ            ᠢᠯᠠᠭ᠎ᠠ ᠲᠣᠭᠯᠠᠪᠠᠴᠤ ᠲᠤᠭᠤᠰᠤ ᠳᠡᠭᠳᠡᠬᠦ ᠦᠭᠡᠢ      ᠵᠣᠶᠢᠭᠤᠷ ᠬᠥᠮᠥᠨ ᠬᠦᠨᠳᠦ ᠪᠠᠨ ᠪᠠᠷᠠᠬᠤ      ᠵᠤᠰᠠᠭ ᠢᠮᠠᠭ᠎ᠠ ᠰᠦ ᠪᠠᠨ ᠪᠠᠷᠠᠬᠤ            ᠨᠤᠮ ᠦᠭᠡᠢ ᠯᠠᠮᠠ ᠬᠤᠷᠠᠯ ᠠᠴᠠ ᠠᠶᠤᠬᠤ            ᠨᠣᠣᠯᠣᠭᠤᠷ ᠦᠭᠡᠢ ᠢᠮᠠᠭ᠎ᠠ ᠬᠦᠢᠲᠡᠨ ᠠᠴᠠ ᠠᠶᠤᠬᠤ            ᠰᠠᠷᠢᠰᠤᠨ ᠪᠠᠭᠠᠪᠠᠭᠠᠢ ᠨᠠᠷᠠᠨ ᠠᠴᠠ ᠠᠶᠤᠬᠤ      ᠢᠮᠠᠭᠠᠨ ᠴᠤᠭᠯᠠᠭ᠎ᠠ ᠬᠤᠵᠢᠷ ᠳᠡᠭᠡᠷ᠎ᠡ      ᠢᠯᠠᠭᠠᠨ ᠴᠤᠭᠯᠠᠭ᠎ᠠ ᠬᠤᠵᠢᠭᠢᠷ ᠳᠡᠭᠡᠷ᠎ᠡ            ᠬᠠᠨᠵᠤᠨ ᠳᠤ ᠳᠤᠷᠠᠲᠠᠢ ᠯᠠᠮᠠ            ᠳᠠᠨᠵᠢᠨ ᠳᠤ ᠳᠤᠷᠠᠲᠠᠢ ᠢᠮᠠᠭ᠎ᠠ      ᠲᠡᠮᠡᠭᠡ ᠬᠦᠷᠬᠦ ᠦᠭᠡᠢ ᠡᠪᠡᠰᠦ ᠶᠢ      ᠢᠮᠠᠭ᠎ᠠ ᠢᠳᠡᠬᠦ ᠭᠡᠵᠤ ᠳᠤᠷᠠᠯᠠᠬᠤ                ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ                ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠠᠯᠪᠠᠨ ᠭᠡᠷ