ᠬᠤᠨᠢᠨ ᠤ ᠲᠤᠬᠠᠢ ᠵᠦᠢᠷ ᠰᠡᠴᠡᠨ ᠦᠭᠡᠰ ︵ᠨᠢᠭᠡ︶
ᠨᠡᠶᠢᠲᠡᠯᠡᠭᠰᠡᠨ ᠴᠠᠭ᠄
2025/1/8
      ᠬᠤᠯᠪᠣᠭ᠎ᠠ ᠰᠠᠶᠢᠲᠠᠢ ᠬᠤᠨᠢ ᠰᠠᠶᠢᠬᠠᠨ      ᠬᠤᠷ᠎ᠠ ᠰᠠᠶᠢᠲᠠᠢ ᠵᠢᠯ ᠰᠠᠶᠢᠬᠠᠨ      ᠬᠠᠤᠯᠢ ᠶᠣᠰᠣ ᠲᠠᠢ ᠨᠤᠶᠠᠨ ᠰᠠᠶᠢᠬᠠᠨ      ᠬᠤᠯᠠ ᠶᠠᠪᠤᠬᠤ ᠳᠤ ᠮᠣᠷᠢ ᠰᠠᠶᠢᠬᠠᠨ            ᠦᠬᠡᠷ ᠢᠶᠠᠷ ᠳᠤᠲᠠᠬᠤ ᠠᠴᠠ ᠪᠢᠰᠢ            ᠦᠭᠡ ᠪᠠᠷ ᠳᠤᠲᠠᠬᠤ ᠦᠭᠡᠢ            ᠬᠤᠨᠢ ᠪᠠᠷ ᠳᠤᠲᠠᠬᠤ ᠠᠴᠠ ᠪᠢᠰᠢ            ᠬᠤᠩᠰᠢᠶᠠᠷ ᠢᠶᠠᠷ ᠳᠤᠲᠠᠬᠤ ᠦᠭᠡᠢ      ᠦᠷᠡᠵᠢᠯ ᠰᠠᠶᠢᠲᠠᠢ ᠬᠤᠨᠢ ᠰᠠᠶᠢᠬᠠᠨ      ᠤᠳᠤᠮ ᠰᠠᠶᠢᠲᠠᠢ ᠬᠡᠦᠬᠡᠨ ᠰᠠᠶᠢᠬᠠᠨ      ᠢᠵᠢᠯᠢ ᠰᠠᠶᠢᠲᠠᠢ ᠢᠮᠠᠭ᠎ᠠ ᠰᠠᠶᠢᠬᠠᠨ      ᠡᠷᠳᠡᠮ ᠰᠠᠶᠢᠲᠠᠢ ᠯᠠᠮᠠ ᠰᠠᠶᠢᠬᠠᠨ            ᠬᠤᠯᠠ ᠶᠠᠪᠤᠬᠤ ᠳᠤ ᠮᠣᠷᠢ ᠰᠠᠶᠢᠨ            ᠬᠤᠲᠠ ᠲᠥᠭᠦᠷᠬᠦ ᠳᠤ ᠬᠤᠨᠢ ᠰᠠᠶᠢᠨ            ᠰᠢᠯᠢ ᠪᠦᠷᠬᠦᠭᠰᠡᠨ ᠬᠤᠨᠢᠳ ᠰᠠᠶᠢᠬᠠᠨ            ᠰᠢᠨᠵᠢᠵᠦ ᠰᠠᠭᠤᠬᠤ ᠨᠤᠲᠤᠭ ᠰᠠᠶᠢᠬᠠᠨ      ᠶᠠᠷᠭᠠᠴᠢᠨ ᠢ ᠬᠤᠣᠷᠲᠠᠢ ᠪᠣᠯᠪᠠᠴᠤ ᠴᠢᠨ᠋ᠸ᠎ᠠ            ᠭᠡᠮᠡᠨ ᠬᠡᠯᠡᠵᠦ ᠥᠯᠦ ᠪᠣᠯᠬᠤ      ᠢᠮᠠᠭ᠎ᠠ ᠶᠢ ᠡᠪᠡᠷᠲᠡᠢ ᠪᠣᠯᠪᠠᠴᠤ ᠦᠬᠡᠷ            ᠭᠡᠮᠡᠨ ᠬᠡᠯᠡᠵᠦ ᠥᠯᠦ ᠪᠣᠯᠬᠤ      ᠶᠠᠰᠤ ᠶᠢ ᠬᠠᠲᠠᠭᠤ ᠪᠣᠯᠪᠠᠴᠤ ᠴᠢᠯᠠᠭᠤ            ᠭᠡᠮᠡᠨ ᠬᠡᠯᠡᠵᠦ ᠥᠯᠦ ᠪᠣᠯᠬᠤ      ᠬᠤᠷᠳᠤᠨ ᠮᠣᠷᠢᠨ ᠳᠤ ᠲᠠᠰᠢᠭᠤᠷ ᠨᠡᠮᠡᠬᠦ      ᠬᠤᠷ᠎ᠠ ᠪᠤᠷᠤᠭᠠᠨ ᠳᠤ ᠤᠰᠤ ᠨᠡᠮᠡᠬᠦ      ᠬᠤᠨᠢᠨ ᠮᠢᠬᠠᠨ ᠳᠡᠭᠡᠷ᠎ᠡ ᠲᠤᠰᠤ ᠨᠡᠮᠡᠬᠦ            ᠬᠤᠷᠠᠭ᠎ᠠ ᠦᠭᠡᠢ ᠪᠣᠯ ᠢᠷᠭᠡ ᠦᠭᠡᠢ            ᠬᠤᠯᠪᠣᠭ᠎ᠠ ᠦᠭᠡᠢ ᠪᠣᠯ ᠨᠠᠶᠢᠷ ᠦᠭᠡᠢ            ᠢᠰᠢᠭᠡ ᠦᠭᠡᠢ ᠪᠣᠯ ᠰᠡᠷᠭᠡ ᠦᠭᠡᠢ                     ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ ᠮᠠᠯ ᠤᠨ                     ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ