ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠪᠠᠳᠠᠷᠠᠭᠤᠯᠤᠨ ᠳᠡᠯᠭᠡᠷᠡᠭᠦᠯᠵᠦ᠂ ᠣᠯᠠᠨ ᠲᠦᠮᠡᠨ ᠤ ᠤᠯᠠᠮᠵᠢᠯᠠᠯᠲᠤ ᠪᠠᠶᠠᠷ ᠤᠨ ᠡᠳᠦᠷ ᠤᠨ ᠲᠤᠬᠠᠢ | ᠬᠠᠶᠢᠷ᠎ᠠ ᠰᠡᠳᠬᠢᠯᠭᠡ ᠶᠢᠨ ᠮᠡᠳᠡᠷᠡᠮᠵᠢ ᠪᠠ ᠰᠣᠶᠣᠯ ᠤᠨ ᠢᠲᠡᠭᠡᠯ ᠢ ᠨᠡᠮᠡᠭᠳᠡᠭᠦᠯᠬᠦ ᠶᠢᠨ ᠲᠤᠰᠠᠳᠠ᠂ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠤᠨ | ᠪᠠᠶᠠᠷ ᠬᠦᠷᠴᠦ ᠢᠷᠡᠬᠦ ᠲᠠᠰᠢᠷᠠᠮ ᠢᠶᠠᠷ ᠴᠢ ᠫᠠᠨ ᠵᠢᠩ ᠪᠠᠯᠭᠠᠰᠤᠨ ᠤ ᠡᠯ᠎ᠡ ᠨᠡᠶᠢᠭᠡᠮ ᠲᠣᠭᠤᠷᠢᠭ ᠤᠨ ᠬᠢᠨ ᠥᠯᠵᠡᠶᠢᠲᠦ ᠡᠳᠦᠷ ᠤᠨ ᠪᠠᠶᠠᠷ ᠤᠨ ᠲᠤᠬᠠᠢ ᠪᠠᠶᠠᠯᠢᠭ | ᠠᠭᠤᠯᠭ᠎ᠠ ᠲᠠᠢ᠂ ᠪᠦᠲᠦᠭᠡᠯᠴᠢ ᠴᠢᠨᠠᠷᠲᠠᠢ ᠭᠤᠣᠯ ᠰᠡᠳᠦᠪᠲᠦ ᠠᠵᠢᠯᠯᠠᠭ᠎ᠠ ᠨᠤᠭᠤᠳ ᠢ ᠥᠷᠨᠢᠭᠦᠯᠵᠦ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠤᠶ | ᠪᠣᠯᠭᠠᠭᠰᠠᠨ ᠪᠠᠶᠢᠨ᠎ᠠ᠃ | ᠰᠢᠨ ᠰᠢᠨ ᠨᠡᠶᠢᠭᠡᠮ ᠲᠣᠭᠤᠷᠢᠭ | 2 ᠳ᠋ᠤᠭᠠᠷ ᠰᠠᠷ᠎ᠠ ᠶᠢᠨ 10 ᠤ ᠡᠳᠦᠷ᠂ ᠰᠢᠨ ᠰᠢᠨ ᠨᠡᠶᠢᠭᠡᠮ ᠲᠣᠭᠤᠷᠢᠭ ︽ᠪᠣᠳᠠᠰ ᠤᠨ ᠪᠤᠰᠤ ᠰᠣᠶᠣᠯ ᠤᠨ ᠥᠪ ᠢ ᠤᠯᠠᠮᠵᠢᠯᠠᠵᠤ᠂ ᠥᠯᠵᠡᠶᠢᠲᠦ | ᠡᠳᠦᠷ ᠤᠨ ᠪᠠᠶᠠᠷ ᠢ ᠪᠡᠯᠭᠡᠯᠡᠬᠦ︾ ᠭᠤᠣᠯ ᠰᠡᠳᠦᠪᠲᠦ ᠠᠵᠢᠯᠯᠠᠭ᠎ᠠ ᠥᠷᠨᠢᠭᠦᠯᠪᠡ᠃ ᠠᠵᠢᠯᠯᠠᠭ᠎ᠠ ᠳᠤ ᠬᠡᠩᠭᠡᠷᠭᠡ ᠳᠡᠯᠡᠳᠦᠨ ᠬᠤᠸᠠᠷ ᠳᠠᠮᠵᠢᠭᠤᠯᠬᠤ᠂ ᠣᠨᠢᠰᠤᠭ᠎ᠠ ᠲᠠᠭᠠᠬᠤ᠂ | ᠪᠣᠳᠠᠰ ᠤᠨ ᠪᠤᠰᠤ ᠰᠣᠶᠣᠯ ᠤᠨ ᠥᠪ ᠪᠣᠯᠬᠤ ᠴᠠᠭᠠᠰᠤᠨ ᠬᠠᠶᠢᠴᠢᠯᠠᠮᠠᠯ ᠬᠠᠶᠢᠴᠢᠯᠠᠬᠤ᠂ ᠥᠯᠵᠡᠶᠢᠲᠦ ᠪᠣᠣᠪᠤ ᠢᠳᠡᠬᠦ ᠵᠡᠷᠭᠡ ᠳᠥᠷᠪᠡᠨ ᠵᠦᠢᠯ ᠤᠨ ᠭᠤᠭᠴᠤᠭ᠎ᠠ | ᠲᠣᠬᠢᠷᠠᠭᠤᠯᠪᠠ᠃ ᠣᠨᠢᠰᠤᠭ᠎ᠠ ᠲᠠᠭᠠᠬᠤ ᠭᠤᠭᠴᠤᠭ᠎ᠠ ᠳᠠᠬᠢ ᠣᠨᠢᠰᠤᠭ᠎ᠠ ᠶᠢᠨ ᠠᠭᠤᠯᠭ᠎ᠠ ᠨᠢ ᠤᠳᠬ᠎ᠠ ᠵᠣᠬᠢᠶᠠᠯ ᠤᠨ ᠯᠣᠷᠵᠣᠣ ᠦᠭᠡ ᠪᠠ ᠠᠮᠢᠳᠤᠷᠠᠯ ᠤᠨ ᠶᠡᠷᠦ ᠶᠢᠨ | ᠮᠡᠳᠡᠯᠭᠡ ᠶᠢ ᠬᠠᠮᠤᠷᠴᠤ᠂ ᠰᠠᠭᠤᠭᠠᠯᠢ ᠠᠷᠠᠳ ᠤᠳ ᠣᠨᠢᠰᠤᠭ᠎ᠠ ᠲᠠᠭᠠᠬᠤ ᠳᠤᠮᠳᠠ ᠮᠡᠳᠡᠯᠭᠡ ᠪᠠᠨ ᠨᠡᠮᠡᠭᠳᠡᠭᠦᠯᠦᠭᠰᠡᠨ ᠢᠶᠠᠷ ᠪᠠᠷᠠᠬᠤ ᠦᠭᠡᠢ᠂ ᠣᠶᠤᠨ ᠤ ᠲᠡᠮᠡᠴᠡᠭᠡᠨ ᠤ | ᠬᠠᠪᠤ ᠴᠡᠩᠭᠡᠯ ᠢ ᠡᠳ᠋ᠯᠡᠭᠰᠡᠨ ᠪᠠᠶᠢᠨ᠎ᠠ᠃ | ᠠᠶᠢᠯ ᠨᠡᠶᠢᠭᠡᠮ ᠲᠣᠭᠤᠷᠢᠭ | ᠠᠶᠢᠯ ᠨᠡᠶᠢᠭᠡᠮ ᠲᠣᠭᠤᠷᠢᠭ ᠤᠨ ᠬᠢᠨ ︽ᠨᠠᠮ ᠠᠷᠠᠳ ᠰᠡᠳᠬᠢᠯ ᠨᠢᠭᠡᠳᠦᠨ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠪᠠᠶᠠᠷ ᠢᠶᠠᠨ ᠪᠡᠯᠭᠡᠯᠡᠬᠦ︾ | ᠭᠤᠣᠯ ᠰᠡᠳᠦᠪᠲᠦ ᠥᠷᠨᠢᠭᠦᠯᠦᠨ᠂ ᠣᠯᠠᠨ ᠢᠶᠠᠷ ᠢᠶᠠᠨ ᠭᠠᠷ ᠬᠥᠳᠡᠯᠦᠨ ᠳ᠋ᠧᠩᠯᠦ ᠬᠢᠵᠦ᠂ ᠣᠨᠢᠰᠤᠭ᠎ᠠ ᠲᠠᠭᠠᠨ᠂ ᠲᠣᠭᠯᠠᠭᠠᠮ ᠲᠣᠭᠯᠠᠵᠤ᠂ ᠥᠯᠵᠡᠶᠢᠲᠦ ᠪᠣᠣᠪᠤ | ᠢᠳᠡᠨ᠂ ᠵᠣᠭᠤᠭ ᠳᠡᠯᠭᠡᠵᠦ᠂ ᠪᠠᠶᠠᠷ ᠤᠨ ᠡᠳᠦᠷ ᠤᠨ ᠪᠠᠶᠠᠷ ᠵᠢᠷᠭᠠᠯ ᠢᠶᠠᠨ ᠬᠤᠪᠢᠶᠠᠯᠴᠠᠪᠠ᠃ ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ ᠬᠦᠷ ᠨᠠᠷᠭᠢᠶᠠᠨ ᠢᠶᠠᠷ | ᠲᠦᠭᠦᠷᠦᠨ᠂ ᠪᠠᠶᠠᠷ ᠤᠨ ᠡᠳᠦᠷ ᠤᠨ ᠠᠭᠤᠷ ᠠᠮᠢᠰᠬᠤᠯ ᠢᠶᠠᠷ ᠪᠢᠯᠬᠠᠨ᠎ᠠ᠃ | ᠴᠢ ᠫᠠᠠ ᠨᠡᠶᠢᠭᠡᠮ ᠲᠣᠭᠤᠷᠢᠭ | 2 ᠳ᠋ᠤᠭᠠᠷ ᠰᠠᠷ᠎ᠠ ᠶᠢᠨ 11 ᠤ ᠡᠳᠦᠷ᠂ ᠴᠢ ᠫᠠᠨ ᠨᠡᠶᠢᠭᠡᠮ ᠲᠣᠭᠤᠷᠢᠭ ᠤᠨ ᠬᠢᠨ ︽ᠬᠥᠬᠡᠭᠴᠢᠨ ᠮᠣᠭᠠᠢ ᠵᠢᠯ ᠤᠨ ᠥᠯᠵᠡᠶᠢᠲᠦ ᠡᠳᠦᠷ ᠤᠨ ᠪᠠᠶᠠᠷ ᠢ ᠭᠡᠷ | ᠬᠤᠲᠠᠯᠠᠭᠠᠷ ᠢᠶᠠᠨ ᠢᠶᠠᠨ ᠬᠠᠮᠲᠤ ᠪᠠᠷ ᠪᠡᠯᠭᠡᠯᠡᠬᠦ︾ ᠰᠢᠷᠢᠰ ᠠᠵᠢᠯᠯᠠᠭ᠎ᠠ ᠶᠢ ᠥᠷᠨᠢᠭᠦᠯᠪᠡ᠃ ᠬᠠᠷᠢᠶ᠎ᠠ ᠣᠷᠣᠨ ᠤ ᠰᠠᠭᠤᠭᠠᠯᠢ ᠠᠷᠠᠳ᠂ ᠭᠡᠷ ᠲᠡᠭᠡᠨ ᠬᠤᠴᠣᠷᠤᠭᠰᠠᠨ | ᠭᠤᠣᠨᠢ ᠨᠠᠰᠤᠲᠠᠨ᠂ ᠨᠠᠮ ᠤᠨ ᠭᠡᠰᠢᠭᠦᠨ᠂ ᠲᠣᠣᠷᠴᠢᠯᠠᠭᠰᠠᠨ ᠬᠠᠮᠢᠶᠠᠷᠤᠯᠲᠠ ᠶᠢᠨ ᠠᠵᠢᠯᠲᠠᠨ᠂ ᠴᠡᠷᠢᠭ ᠤᠨ ᠠᠯᠪᠠ ᠠᠴᠠ ᠬᠠᠯᠠᠭᠳᠠᠭᠰᠠᠳ ᠵᠡᠷᠭᠡ ᠵᠠᠭᠤ ᠭᠠᠷᠤᠢ | ᠬᠥᠮᠥᠨ ᠢ ᠤᠷᠢᠵᠤ ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠢ ᠬᠠᠮᠲᠤ ᠪᠠᠷ ᠪᠡᠯᠭᠡᠯᠡᠵᠡᠢ᠃ ᠪᠠᠶᠠᠰᠤᠯ ᠪᠢᠯᠬᠠᠭᠰᠠᠨ ᠶᠠᠩᠭᠠᠷ ᠪᠦᠵᠢᠭ ᠨᠢ ᠪᠠᠶᠠᠷ ᠤᠨ | ᠡᠳᠦᠷ ᠤᠨ ᠬᠥᠷ ᠨᠠᠷᠭᠢᠶᠠᠨ ᠢ ᠪᠣᠢ ᠪᠣᠯᠭᠠᠵᠤ᠂ ᠪᠠᠶᠠᠯᠢᠭ ᠠᠭᠤᠯᠭ᠎ᠠ ᠪᠦᠬᠦᠢ ᠲᠣᠭᠯᠠᠭᠠᠮ ᠤᠳ ᠨᠢ ᠠᠬᠤᠢ ᠲᠠᠯᠠᠪᠠᠶ ᠶᠢᠨ ᠠᠭᠤᠷ ᠠᠮᠢᠰᠬᠤᠯ ᠢ ᠬᠥᠭᠵᠢᠭᠡᠨ᠂ | ᠣᠨᠢᠰᠤᠭ᠎ᠠ ᠳᠠᠭᠠᠬᠤ᠂ ᠵᠢᠷᠤᠭ ᠵᠢᠷᠤᠬᠤ᠂ ᠥᠯᠵᠡᠶᠢᠲᠦ ᠪᠣᠣᠪᠤ ᠠᠮᠲᠠᠯᠠᠬᠤ ᠵᠡᠷᠭᠡ ᠠᠵᠢᠯᠯᠠᠭ᠎ᠠ ᠨᠢ ᠤᠯᠠᠮᠵᠢᠯᠠᠯᠲᠤ ᠪᠠᠶᠠᠷ ᠤᠨ ᠡᠳᠦᠷ ᠤᠨ ᠷᠢᠳᠢ ᠰᠢᠳᠢ ᠶᠢ | ᠢᠯᠡᠷᠡᠭᠦᠯᠦᠨ᠎ᠡ᠃ | ᠬᠦ᠋ ᠶᠧ ᠨᠡᠶᠢᠭᠡᠮ ᠲᠣᠭᠤᠷᠢᠭ | ᠬᠥ᠋ ᠶᠧ ᠨᠡᠶᠢᠭᠡᠮ ᠲᠣᠭᠤᠷᠢᠭ ᠤᠨ ᠬᠢᠨ ︽ᠨᠠᠮ ᠤᠨ ᠪᠠᠶᠢᠭᠤᠯᠤᠯᠲᠠ ᠪᠠᠷ ᠬᠥᠮᠥᠰ ᠤᠨ ᠰᠡᠳᠬᠢᠯ ᠢ ᠳᠤᠯᠠᠭᠠᠴᠠᠭᠤᠯᠵᠤ᠂ ᠥᠯᠵᠡᠶᠢᠲᠦ ᠡᠳᠦᠷ ᠤᠨ | ᠪᠠᠶᠠᠷ ᠢᠶᠠᠷ ᠠᠷᠠᠳ ᠤᠨ ᠬᠠᠶᠢᠷ᠎ᠠ ᠰᠡᠳᠬᠢᠯᠭᠡ ᠶᠢ ᠨᠢᠭᠲᠠᠷᠠᠭᠤᠯᠬᠤ︾ ᠭᠤᠣᠯ ᠰᠡᠳᠦᠪᠲᠦ ᠠᠵᠢᠯᠯᠠᠭ᠎ᠠ ᠥᠷᠨᠢᠭᠦᠯᠵᠦ᠂ ᠠᠵᠢᠯᠯᠠᠭ᠎ᠠ ᠳᠤ ᠣᠨᠢᠰᠤᠭ᠎ᠠ ᠳᠠᠭᠠᠬᠤ᠂ | ᠰᠣᠨᠢᠷᠬᠠᠯ ᠲᠠᠢ ᠲᠣᠭᠯᠠᠭᠠᠮ ᠲᠣᠭᠯᠠᠬᠤ᠂ ᠥᠯᠵᠡᠶᠢᠲᠦ ᠪᠣᠣᠪᠤ ᠠᠮᠲᠠᠯᠠᠬᠤ ᠵᠡᠷᠭᠡ ᠭᠤᠭᠴᠤᠭ᠎ᠠ ᠲᠣᠬᠢᠷᠠᠭᠤᠯᠤᠨ᠂ ᠬᠠᠷᠢᠶ᠎ᠠ ᠣᠷᠣᠨ ᠤ ᠥᠷᠭᠡᠨ ᠣᠯᠠᠨ ᠰᠠᠭᠤᠭᠠᠯᠢ | ᠠᠷᠠᠳ᠂ ᠨᠠᠮ ᠤᠨ ᠭᠡᠰᠢᠭᠦᠨ᠂ ᠴᠡᠷᠢᠭ ᠤᠨ ᠠᠯᠪᠠ ᠠᠴᠠ ᠬᠠᠯᠠᠭᠳᠠᠭᠰᠠᠳ ᠵᠢᠴᠢ ᠵᠠᠯᠠᠭᠤᠴᠤᠳ ᠪᠠᠭᠠᠴᠤᠳ ᠤᠨ ᠰᠣᠨᠢᠷᠬᠠᠯ ᠢ ᠲᠠᠲᠠᠭᠰᠠᠨ ᠪᠠᠶᠢᠨ᠎ᠠ᠃ ᠣᠨᠢᠰᠤᠭ᠎ᠠ | ᠨᠢ ᠬᠡᠪᠰᠢᠮᠡᠯ ᠬᠡᠯᠡᠯᠭᠡ ᠶᠢᠨ ᠦᠯᠢᠭᠡᠷ᠂ ᠤᠯᠠᠮᠵᠢᠯᠠᠯᠲᠤ ᠠᠷᠠᠳ ᠤᠨ ᠵᠠᠩ ᠦᠢᠯᠡ᠂ ᠲᠡᠦᠬᠡᠨ ᠬᠥᠮᠥᠨ ᠵᠡᠷᠭᠡ ᠪᠠᠶᠠᠯᠢᠭ ᠠᠭᠤᠯᠭ᠎ᠠ ᠶᠢ ᠬᠠᠮᠤᠷᠴᠤ᠂ ᠲᠤᠬᠠᠢ ᠶᠢᠨ | ᠲᠠᠯᠠᠪᠠᠶ ᠳᠤ ᠪᠠᠶᠠᠷ ᠤᠨ ᠡᠳᠦᠷ ᠤᠨ ᠠᠭᠤᠷ ᠠᠮᠢᠰᠬᠤᠯ ᠢᠶᠠᠷ ᠪᠢᠯᠬᠠᠵᠤ ᠪᠠᠶᠢᠯ᠎ᠠ᠃ | ᠴᠢ ᠰᠢᠶᠠᠩ ᠨᠡᠶᠢᠭᠡᠮ ᠲᠣᠭᠤᠷᠢᠭ | ᠴᠢ ᠰᠢᠶᠠᠩ ᠨᠡᠶᠢᠭᠡᠮ ᠲᠣᠭᠤᠷᠢᠭ ︽ᠬᠥᠷᠰᠢ ᠵᠡᠷᠭᠡᠯᠡᠳᠡᠭᠡ ᠪᠠᠷ ᠢᠶᠠᠨ ᠴᠤᠭᠯᠠᠷᠠᠵᠤ᠂ ᠬᠥᠷ ᠨᠠᠷᠭᠢᠶᠠᠨ ᠲᠠᠢ ᠪᠠᠷ ᠪᠠᠶᠠᠷ ᠤᠨ ᠡᠳᠦᠷ ᠢᠶᠠᠨ ᠪᠡᠯᠭᠡᠯᠡᠬᠦ︾ ᠭᠤᠣᠯ | ᠰᠡᠳᠦᠪᠲᠦ ᠠᠵᠢᠯᠯᠠᠭ᠎ᠠ ᠶᠢ ᠥᠷᠨᠢᠭᠦᠯᠵᠦ᠂ ᠶᠠᠩᠭᠠᠷ ᠪᠥᠵᠢᠭᠯᠡᠬᠦ᠂ ᠣᠨᠢᠰᠤᠭ᠎ᠠ ᠲᠠᠭᠠᠬᠤ᠂ ᠳᠡᠪᠢᠭᠦᠷ ᠵᠢᠷᠤᠬᠤ᠂ ᠰᠣᠨᠢᠷᠬᠠᠯᠲᠠᠢ ᠲᠣᠭᠯᠠᠭᠠᠮ ᠲᠣᠭᠯᠠᠬᠤ ᠵᠡᠷᠭᠡ ᠤᠯᠠᠨ | ᠠᠵᠢᠯᠯᠠᠭ᠎ᠠ ᠪᠠᠷ ᠳᠠᠮᠵᠢᠭᠤᠯᠤᠨ᠂ ᠮᠠᠷᠲᠠᠭᠳᠠᠰᠢ ᠦᠭᠡᠢ ᠤᠳᠬ᠎ᠠ ᠠᠭᠤᠯᠭ᠎ᠠ ᠲᠠᠢ ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠪᠠᠶᠠᠷ ᠤᠨ ᠡᠳᠦᠷ ᠢ | ᠥᠩᠭᠡᠷᠡᠭᠦᠯᠵᠡᠢ᠃ ᠠᠵᠢᠯᠯᠠᠭ᠎ᠠ ᠶᠢᠨ ᠡᠴᠦᠰ ᠲᠤ᠂ ᠨᠡᠶᠢᠭᠡᠮ ᠲᠣᠭᠤᠷᠢᠭ ᠤᠨ ᠠᠵᠢᠯᠲᠠᠳ ᠬᠠᠷᠢᠶ᠎ᠠ ᠣᠷᠣᠨ ᠤ ᠪᠠᠨ ᠠᠮᠢᠳᠤᠷᠠᠯ ᠤᠨ ᠨᠠᠭᠠᠲᠤ ᠵᠠᠬ᠎ᠠ ᠶᠢᠨ | ᠪᠠᠲᠤᠯᠠᠪᠤᠷᠢ ᠬᠦᠷᠲᠡᠵᠦ ᠪᠠᠶᠢᠭ᠎ᠠ ᠡᠷᠦᠬᠡ᠂ ᠵᠡᠮᠳᠡᠭᠴᠦᠳ᠂ ᠭᠤᠣᠨᠢ ᠨᠠᠰᠤᠲᠠᠨ ᠤ ᠭᠡᠷ ᠲᠤᠨᠢ ᠬᠦᠷᠴᠦ᠂ ᠲᠡᠳᠡᠨ ᠲᠠᠢ ᠵᠣᠭᠤᠭᠳᠠᠨ᠂ ᠲᠡᠳᠡᠨ ᠳᠤ ᠠᠮᠲᠠᠲᠤ | ᠰᠠᠶᠢᠬᠠᠨ ᠥᠯᠵᠡᠶᠢᠲᠦ ᠪᠣᠣᠪᠤ ᠪᠣᠯᠣᠨ ᠪᠠᠶᠠᠷ ᠤᠨ ᠡᠳᠦᠷ ᠤᠨ ᠵᠦᠩᠨᠡᠯ ᠢᠶᠠᠨ ᠳᠡᠪᠰᠢᠭᠦᠯᠪᠡ᠃ | ᠮᠧᠩ ᠰᠢᠶᠠᠩ ᠨᠡᠶᠢᠭᠡᠮ ᠲᠣᠭᠤᠷᠢᠭ | 2 ᠳ᠋ᠤᠭᠠᠷ ᠰᠠᠷ᠎ᠠ ᠶᠢᠨ 12 ᠤᠨ ᠡᠳᠦᠷ᠂ ᠮᠧᠩ ᠰᠢᠶᠠᠩ ᠨᠡᠶᠢᠭᠡᠮ ᠲᠣᠭᠤᠷᠢᠭ ︽ᠴᠠᠭᠠᠨ ᠰᠠᠷ᠎ᠠ ᠶᠢᠨ ᠠᠷᠪᠠᠨ ᠲᠠᠪᠤᠨ ᠤ ᠥᠯᠵᠡᠶᠢᠲᠦ ᠡᠳᠦᠷ ᠤᠨ ᠪᠠᠶᠠᠷ ᠢ | ᠬᠠᠮᠲᠤ ᠪᠠᠷ ᠪᠡᠯᠭᠡᠯᠡᠬᠦ︾ ᠭᠤᠣᠯ ᠰᠡᠳᠦᠪᠲᠦ ᠠᠵᠢᠯᠯᠠᠭ᠎ᠠ ᠥᠷᠨᠢᠭᠦᠯᠪᠡ᠂ ᠥᠷᠯᠥᠭᠡ ᠡᠷᠲᠡ᠂ ᠨᠡᠶᠢᠭᠡᠮ ᠲᠣᠭᠤᠷᠢᠭ ᠤᠨ ᠶᠠᠩᠭᠠᠷ ᠪᠥᠵᠢᠭ ᠤᠨ ᠠᠩᠭᠢ ᠶᠢᠨ ᠬᠢᠨ | ᠬᠡᠩᠭᠡᠷᠭᠡ ᠴᠠᠩ ᠳᠡᠯᠡᠳᠦᠨ ᠪᠢᠰᠬᠢᠭᠦᠷ ᠦᠯᠢᠶᠡᠵᠦ᠂ ᠶᠠᠩᠭᠠᠷ ᠪᠥᠵᠢᠭ ᠪᠦᠵᠢᠭᠯᠡᠭᠴᠢᠳ ᠥᠩᠭᠡ ᠢᠯᠭᠠᠷᠠᠭᠰᠠᠨ ᠪᠥᠵᠢᠭ ᠤᠨ ᠬᠤᠪᠴᠠᠰᠤ ᠡᠮᠦᠰᠦᠨ᠂ ᠰᠢᠬᠦᠷ᠂ | ᠰᠡᠪᠢᠭᠦᠷ ᠪᠠᠷᠢᠵᠤ᠂ ᠶᠠᠩᠭᠠᠷ ᠪᠥᠵᠢᠭ ᠢᠶᠠᠨ ᠨᠠᠮᠪᠠ ᠲᠠᠢ ᠰᠠᠶᠢᠬᠠᠨ ᠪᠥᠵᠢᠭᠯᠡᠨ᠎ᠡ᠃ ᠲᠣᠰ ᠠᠵᠢᠯᠯᠠᠭ᠎ᠠ ᠳᠤ ᠪᠠᠰᠠ ᠣᠨᠢᠰᠤᠭ᠎ᠠ ᠳᠠᠭᠠᠬᠤ᠂ ᠥᠯᠵᠡᠶᠢᠲᠦ ᠪᠣᠣᠪᠤ | ᠭᠥᠬᠢᠳᠡᠬᠦ᠂ ᠴᠠᠭᠠᠷᠢᠭ ᠥᠩᠬᠦᠷᠢᠭᠦᠯᠬᠦ ᠵᠡᠷᠭᠡ ᠠᠯᠢ ᠣᠯᠠᠨ ᠰᠣᠨᠢᠷᠬᠠᠯ ᠲᠠᠢ ᠲᠣᠭᠯᠠᠭᠠᠮ ᠤᠳ ᠢ ᠲᠣᠬᠢᠷᠠᠭᠤᠯᠵᠤ᠂ ᠳᠠᠶᠠᠭᠠᠷ ᠣᠯᠠᠨ ᠳᠤ ᠬᠥᠭᠵᠢᠶᠡᠨᠲᠡᠢ ᠰᠠᠶᠢᠬᠠᠨ | ᠪᠠᠶᠠᠷ ᠤᠨ ᠡᠳᠦᠷ ᠤᠨ ᠠᠭᠤᠷ ᠠᠮᠢᠰᠬᠤᠯ ᠢ ᠮᠡᠳᠡᠷᠡᠭᠦᠯᠪᠡ᠃ | ᠵᠢᠩ ᠠᠨ ᠨᠡᠶᠢᠭᠡᠮ ᠲᠣᠭᠤᠷᠢᠭ | ᠵᠢᠩ ᠠᠨ ᠨᠡᠶᠢᠭᠡᠮ ᠲᠣᠭᠤᠷᠢᠭ ᠤᠨ ᠬᠢᠨ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠨᠠᠰᠤᠲᠠᠶᠢᠴᠤᠳ ᠤᠨ ᠶᠠᠩᠭᠠᠷ ᠪᠥᠵᠢᠭ ᠤᠨ ᠠᠩᠭᠢ ᠲᠠᠢ ᠬᠠᠮᠲᠤᠷᠠᠨ | ︽ᠠᠷᠪᠠᠨ ᠲᠠᠪᠤᠨ ᠤ ᠥᠯᠵᠡᠶᠢᠲᠦ ᠡᠳᠦᠷ ᠤᠨ ᠪᠠᠶᠠᠷ ᠢ ᠪᠡᠯᠭᠡᠯᠡᠵᠦ᠂ ᠠᠶᠢᠯ ᠰᠠᠭᠠᠬᠠᠯᠲᠠ ᠪᠠᠷ ᠢᠶᠠᠨ ᠬᠠᠷᠢᠯᠴᠠᠭ᠎ᠠ ᠶᠠᠪᠤᠯᠴᠠᠭ᠎ᠠ ᠪᠠᠨ ᠴᠢᠩᠭᠠᠳᠬᠠᠬᠤ︾ ᠭᠤᠣᠯ | ᠰᠡᠳᠦᠪᠲᠦ ᠰᠢᠷᠢᠰ ᠠᠵᠢᠯᠯᠠᠭ᠎ᠠ ᠶᠢ ᠥᠷᠨᠢᠭᠦᠯᠵᠦ᠂ ᠬᠠᠷᠢᠶ᠎ᠠ ᠣᠷᠣᠨ ᠤ 200 ᠭᠠᠷᠤᠢ ᠬᠦᠮᠦᠨ ᠣᠷᠣᠯᠴᠠᠪᠠ᠃ ᠠᠵᠢᠯᠯᠠᠭ᠎ᠠ ᠳᠤ ᠤᠯᠠᠨ ᠵᠦᠢᠯ ᠤᠨ ᠰᠣᠨᠢᠷᠬᠠᠯᠲᠠᠢ | ᠤᠷᠤᠯᠳᠤᠭᠠᠨ ᠢ ᠲᠣᠬᠢᠷᠠᠭᠤᠯᠵᠤ᠂ ᠲᠤᠬᠠᠢ ᠶᠢᠨ ᠲᠠᠯᠠᠪᠠᠢ ᠳᠤ ᠢᠨᠢᠶᠡᠳᠦ ᠪᠠᠶᠠᠰᠤᠯ ᠢᠶᠠᠷ ᠴᠠᠯᠭᠢᠵᠤ ᠪᠠᠶᠢᠯ᠎ᠠ᠃ ᠪᠠᠰᠠ ᠰᠠᠭᠤᠭᠠᠯᠢ ᠠᠷᠠᠳ ᠤᠨ ᠥᠪᠡᠷᠲᠡᠭᠡᠨ ᠬᠢᠭᠰᠡᠨ | ᠴᠡᠴᠡᠭᠲᠦ ᠳ᠋ᠧᠩ ᠢ ᠲᠠᠯᠠᠪᠠᠢ ᠳᠦᠭᠦᠷᠲᠡᠯ᠎ᠡ ᠡᠯᠭᠦᠵᠦ᠂ ᠤᠯᠠᠨ ᠢᠶᠠᠷ ᠢᠶᠠᠨ ︽ᠬᠠᠮᠤᠭ ᠤᠨ ᠭᠤᠶᠤ ᠴᠡᠴᠡᠭᠲᠦ ᠳ᠋ᠧᠩ︾ ᠢ ᠪᠢᠯᠧᠲ ᠥᠭᠴᠦ ᠰᠣᠩᠭᠤᠨ ᠭᠠᠷᠭᠠᠪᠠ᠃ | ᠡᠨᠡ ᠤᠳᠠᠭᠠᠨ ᠤ ᠠᠵᠢᠯᠯᠠᠭ᠎ᠠ ᠨᠢ ᠠᠶᠢᠯ ᠰᠠᠭᠠᠬᠠᠯᠲᠠ ᠶᠢᠨ ᠬᠤᠭᠤᠷᠣᠨᠳᠣᠬᠢ ᠪᠦᠯᠬᠦᠮᠳᠡᠯ ᠢ ᠨᠢᠭᠲᠠᠷᠠᠭᠤᠯᠵᠤ᠂ ᠨᠡᠶᠢᠭᠡᠮ ᠲᠣᠭᠤᠷᠢᠭ ᠤᠨ ᠨᠢᠭᠲᠠᠷᠠᠯ ᠤᠨ ᠬᠦᠴᠦᠨ ᠢ | ᠴᠢᠩᠭᠠᠷᠠᠭᠤᠯᠪᠠ᠃ | ᠦᠵᠦᠭᠦᠷ ᠨᠡᠶᠢᠭᠡᠮ ᠲᠣᠭᠤᠷᠢᠭ | 2 ᠳ᠋ᠤᠭᠠᠷ ᠰᠠᠷ᠎ᠠ ᠶᠢᠨ 12 ᠤᠨ ᠡᠳᠦᠷ᠂ ᠦᠵᠦᠭᠦᠷ ᠨᠡᠶᠢᠭᠡᠮ ᠲᠣᠭᠤᠷᠢᠭ ᠤᠨ ᠨᠠᠮ ᠤᠨ ᠭᠡᠰᠢᠭᠦᠨ ᠪᠣᠯᠣᠨ ᠤᠯᠠᠨ ᠲᠦᠮᠡᠨ ᠳᠤ ᠦᠢᠯᠡᠴᠢᠯᠡᠬᠦ ᠲᠥᠪ ᠲᠤ | ︽ᠥᠯᠵᠡᠶᠢᠲᠦ ᠡᠳᠦᠷ ᠤᠨ ᠪᠠᠶᠠᠷ ᠢᠶᠠᠨ ᠬᠥᠭᠵᠢᠶᠡᠨ ᠨᠠᠷᠭᠢᠶᠠᠨ ᠲᠠᠢ ᠪᠠᠷ ᠥᠩᠭᠡᠷᠡᠭᠦᠯᠬᠦ︾ ᠭᠤᠣᠯ ᠰᠡᠳᠦᠪᠲᠦ ᠠᠵᠢᠯᠯᠠᠭ᠎ᠠ ᠶᠢ ᠥᠷᠨᠢᠭᠦᠯᠪᠡ᠃ ᠠᠵᠢᠯᠯᠠᠭ᠎ᠠ ᠶᠢᠨ | ᠲᠤᠬᠠᠢ ᠶᠢᠨ ᠲᠠᠯᠠᠪᠤᠷ ᠲᠤ ᠶᠠᠩᠭᠠᠷ ᠪᠥᠵᠢᠭᠯᠡᠬᠦ᠂ ᠣᠨᠢᠰᠤᠭ᠎ᠠ ᠲᠠᠭᠠᠬᠤ᠂ ᠮᠥᠰᠥᠨ ᠰᠢᠬᠢᠷᠲᠦ ᠬᠤᠯᠤ ᠬᠢᠬᠦ ᠵᠡᠷᠭᠡ ᠪᠠᠶᠠᠯᠢᠭ ᠭᠤᠭᠴᠤᠭ᠎ᠠ ᠨᠢ ᠬᠥᠮᠥᠰ ᠤᠨ | ᠠᠩᠬᠠᠷᠤᠯ ᠢ ᠲᠠᠲᠠᠨ᠎ᠠ᠃ ᠪᠠᠰᠠ ᠴᠠᠭᠠᠨ ᠰᠠᠷ᠎ᠠ ᠶᠢᠨ ᠠᠷᠪᠠᠨ ᠲᠠᠪᠤᠨ ᠤ ᠡᠳᠦᠷ ᠤᠨ ᠭᠤᠣᠯ ᠰᠡᠳᠦᠪᠲᠦ ᠭᠡᠷᠡᠯ ᠵᠢᠷᠤᠭ ᠠᠪᠬᠤ ᠭᠠᠵᠠᠷ ᠢ ᠲᠣᠬᠢᠷᠠᠭᠤᠯᠤᠭᠰᠠᠨ ᠠᠴᠠ | ᠰᠠᠭᠤᠭᠠᠯᠢ ᠠᠷᠠᠳ ᠤᠳ ᠭᠡᠷᠡᠯ ᠵᠢᠷᠤᠭ ᠲᠠᠲᠠᠵᠤ ᠪᠠᠶᠠᠷᠲᠤ ᠬᠤᠷᠣᠮ ᠢᠶᠠᠨ ᠲᠡᠮᠳᠡᠭᠯᠡᠪᠡ᠃ ᠲᠣᠰ ᠤᠳᠠᠭᠠᠨ ᠤ ᠠᠵᠢᠯᠯᠠᠭ᠎ᠠ ᠨᠢ ᠰᠠᠭᠤᠭᠠᠯᠢ ᠠᠷᠠᠳ ᠲᠤ | ᠤᠯᠠᠮᠵᠢᠯᠠᠯᠲᠤ ᠪᠠᠶᠠᠷ ᠤᠨ ᠡᠳᠦᠷ ᠤᠨ ᠠᠭᠤᠷ ᠠᠮᠢᠰᠬᠤᠯ ᠪᠠ ᠰᠣᠶᠣᠯ ᠤᠨ ᠷᠢᠳᠢ ᠰᠢᠳᠢ ᠶᠢ ᠮᠡᠳᠡᠷᠡᠭᠦᠯᠦᠭᠰᠡᠨ ᠪᠥᠭᠡᠳ ᠪᠦᠯᠬᠦᠮᠳᠡᠯ ᠲᠠᠢ ᠳᠠᠪᠰᠢᠯᠲᠠ ᠲᠠᠢ᠂ | ᠡᠷᠡᠭᠦᠯ ᠪᠣᠯᠪᠠᠰᠤᠨ ᠰᠢᠨ᠎ᠡ ᠬᠡᠪ ᠰᠤᠷᠲᠠᠯ ᠢ ᠪᠣᠶ ᠪᠣᠯᠭᠠᠭᠰᠠᠨ ᠪᠠᠶᠢᠨ᠎ᠠ᠃ | | | | | |