ᠠᠴᠢᠳᠤ ᠭᠦᠥ ᠶᠢᠨ ᠠᠴᠢᠯᠠᠯᠳᠣ ᠠᠵᠢᠯᠯᠠᠭ᠎ᠠ
ᠨᠡᠶᠢᠲᠡᠯᠡᠭᠰᠡᠨ ᠴᠠᠭ᠄
2025/2/21
      ᠣᠶᠢᠷ᠎ᠠ ᠳᠤ᠂ 12 ᠨᠠᠰᠣᠳᠠᠢ ᠪᠢᠴᠢᠬᠠᠨ ᠠᠴᠢᠳᠣ ᠶᠢᠨ ᠠᠴᠢᠯᠠᠯᠳᠣ ᠥᠢᠯᠡ ᠠᠵᠢᠯᠯᠠᠭ᠎ᠠ ᠨᠢ ᠬᠥᠮᠦᠰ ᠤᠨ ᠰᠡᠳᠬᠢᠯ ᠢ ᠲᠣᠭᠳᠣᠯᠠᠭᠤᠯᠣᠨ᠎ᠠ᠃ ᠬᠡᠳᠣᠨ ᠵᠢᠯ  ᠤᠨ ᠡᠮᠣᠨ᠎ᠡ ᠠᠴᠢᠳᠣ ᠶᠢᠨ ᠡᠴᠢᠭᠡ ᠡᠬᠡ ᠨᠢ ᠤᠷᠤᠭ ᠰᠠᠯᠵᠣ᠂ ᠭᠡᠷ ᠪᠦᠯᠢ  ᠶᠢᠨ ᠬᠤᠪᠢᠷᠠᠯᠲᠠ ᠨᠢ ᠲᠡᠬᠦᠨ ᠳᠤ ᠪᠠᠭ᠎ᠠ ᠪᠣᠰᠣ ᠴᠣᠬᠢᠯᠳᠠ ᠥᠭᠴᠣ ᠪᠠᠶᠢᠬᠤ ᠳᠤ 2024 ᠣᠨ ᠳᠤ ᠮᠥᠮᠥ ᠨᠢ ᠠᠭᠤᠰᠭᠢᠨ ᠦᠮᠡᠨ ᠡᠪᠡᠳᠴᠢᠨ ᠳᠤ ᠨᠡᠷᠪᠡᠭᠳᠡᠭᠡᠳ ᠤᠯᠠᠨ ᠭᠠᠵᠠᠷ ᠶᠠᠪᠤᠵᠤ ᠡᠮᠴᠢᠯᠡᠭᠦᠯᠦᠨ ᠮᠡᠰᠡ ᠵᠠᠰᠠᠯ ᠭᠢᠭᠡᠳ ᠭᠡᠳᠦᠶᠢᠪᠡᠷ ᠢᠯᠡᠷᠢ ᠪᠤᠯᠤᠭᠰᠠᠨ ᠴᠦ ᠪᠠᠶᠢᠨ ᠲᠠᠭᠢᠨ ᠡᠪᠡᠳᠴᠢᠨ ᠨᠢ ᠤᠷᠪᠠᠵᠤ᠂ ᠡᠮ ᠲᠤᠮ ᠠᠴᠠ ᠶᠡᠷᠦ ᠲᠠᠰᠤᠷᠠᠭ᠎ᠠ ᠦᠭᠡᠢ᠃      ᠠᠮᠢᠳᠤᠷᠠᠯ ᠤᠨ ᠬᠦᠨᠳᠦ ᠴᠣᠬᠢᠯᠲᠠ ᠳᠤ ᠲᠤᠯᠭᠠᠷᠠᠵᠤ ᠪᠠᠶᠢᠭ᠎ᠠ ᠡᠨᠡ ᠬᠦ 10 ᠨᠠᠰᠤ ᠣᠷᠴᠢᠮ ᠤᠨ ᠬᠡᠦᠬᠡᠳ ᠨᠠᠰᠤ ᠠᠴᠠ ᠬᠡᠲᠦᠷᠡᠭᠰᠡᠨ ᠠᠴᠢᠯᠠᠯ ᠢ ᠬᠠᠷᠠᠭᠤᠯᠵᠠᠶ᠃ ᠲᠡᠷᠡ ᠭᠡᠷ ᠤᠨ ᠠᠵᠢᠯ ᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠵᠦ᠂ ᠴᠢᠯᠦᠭᠡᠨ ᠬᠤᠭᠤᠴᠠᠭᠠᠨ ᠳᠤ ᠪᠠᠨ ᠭᠡᠷ ᠤᠨ ᠢᠶᠠᠨ ᠨᠤᠶᠠᠨ ᠨᠢᠷᠤᠭᠤ ᠪᠤᠯᠵᠤ᠂ ᠮᠠᠯ ᠤᠨᠤᠭ᠎ᠠ ᠲᠡᠵᠢᠭᠡᠭᠦ᠂ ᠲᠦᠯ ᠲᠤᠰᠬᠤ ᠵᠡᠷᠭᠡ ᠠᠵᠢᠯ ᠳᠤ ᠴᠢᠳᠠᠯ ᠤᠨ ᠭᠢᠷᠢ ᠪᠠᠷ ᠢᠶᠠᠨ ᠴᠢᠷᠮᠠᠶᠢᠬᠤ ᠪᠠᠷ ᠪᠠᠷᠠᠬᠤ ᠦᠭᠡᠢ ᠪᠠᠰᠠ ᠮᠥᠮᠥ ᠪᠠᠨ ᠲᠠᠶᠢᠳᠬᠤᠷᠠᠭᠤᠯᠤᠨ ᠵᠣᠷᠢᠭᠵᠢᠭᠤᠯᠳᠠᠭ ᠪᠠᠶᠢᠯ᠎ᠠ᠃      ᠤᠶᠢᠷ᠎ᠠ ᠶᠢᠨ ᠡᠳᠥᠷ ᠲᠤ᠂ ᠠᠴᠢᠳᠣ ᠶᠢᠨ ᠮᠥᠮᠥ ᠶᠢᠨ ᠡᠪᠡᠳᠴᠢᠨ ᠨᠢ ᠣᠷᠪᠠᠵᠣ ᠭᠠᠳᠠᠭᠰᠢ ᠶᠠᠪᠤᠵᠤ ᠡᠮᠨᠡᠭᠦᠯᠭᠦ ᠰᠤᠷᠠᠭ ᠢᠶᠠᠷ ᠤᠯᠠᠨ ᠭᠦᠮᠦᠰ ᠡᠷᠭᠢᠨ ᠦᠵᠡᠵᠤ ᠵᠤᠭᠤᠰ ᠮᠦᠩᠭᠦ ᠬᠠᠨᠳᠢᠪᠯᠠᠬᠤ ᠶᠢᠨ ᠬᠠᠮᠳᠤ ᠲᠡᠬᠦᠨ ᠳᠤ ᠪᠠᠰᠠ ᠬᠤᠪᠢ ᠨᠡᠷ᠎ᠠ ᠶᠢᠨ ᠵᠤᠭᠤᠰ ᠦᠭᠭᠦ ᠳᠤ᠂ ᠠᠴᠢᠳᠥ ᠬᠤᠪᠢ ᠨᠡᠷ᠎ᠡ ᠶᠢᠨ ᠵᠣᠭᠤᠰ ᠢᠶᠠᠨ ᠪᠦᠭᠦᠨ ᠢ ᠮᠦᠮᠦ ᠳᠤ ᠪᠠᠨ ᠦᠭᠴᠥ᠂ ︽ᠮᠦᠮᠦ ᠶᠢᠨ ᠡᠪᠡᠳᠴᠢᠨ ᠡᠳᠡᠭᠡᠷᠡᠴᠢᠭᠡᠪᠡᠯ ᠨᠠᠮ᠎ᠠ ᠶᠢ ᠰᠤᠶᠤᠯ ᠮᠡᠳᠡᠯᠭᠡ ᠰᠤᠷᠤᠯᠴᠠᠭᠤᠯᠵᠤ ᠡᠷᠳᠡᠮᠳᠡᠨ ᠪᠤᠯᠭᠠᠨ᠎ᠠ ᠰᠢᠥ︾ ᠭᠡᠵᠤ ᠢᠨᠢᠶᠡᠳᠥ ᠲᠤᠳᠤᠷᠠᠭᠤᠯᠤᠨ ᠶᠠᠷᠢᠵᠤ ᠪᠠᠶᠢᠯ᠎ᠠ᠃      ᠰᠤᠷᠤᠯᠭ᠎ᠠ ᠰᠤᠶᠤᠯ ᠳᠤ ᠪᠠᠨ ᠴᠢᠷᠮᠠᠶᠢᠯᠭ᠎ᠠ ᠲᠠᠢ᠂ ᠰᠦᠷᠦᠭ ᠮᠠᠯ ᠳᠠᠭᠠᠨ ᠡᠭᠡᠯᠢᠳᠠᠢ᠂ ᠡᠵᠢ ᠳᠤ ᠪᠠᠨ ᠠᠴᠢᠯᠠᠯᠳᠠᠢ ᠡᠨᠡᠷᠢᠯᠳᠣ ᠭᠦᠥ ᠠᠴᠢᠳᠤ ᠶᠢᠨ ᠠᠵᠢᠯᠴᠢ ᠭᠦᠳᠡᠯᠮᠦᠷᠢᠴᠢ ᠴᠤᠪᠤᠭᠤᠯᠢᠭ ᠡᠷᠭᠢᠮ ᠨᠠᠨᠳᠢᠨ ᠰᠤᠷᠳᠠᠯ ᠨᠢ ᠦᠢ ᠤᠯᠠᠨ ᠭᠡᠥᠭᠡᠳ ᠪᠠᠭᠠᠴᠤᠳ ᠤᠨ ᠰᠤᠷᠤᠯᠴᠠᠬᠤ ᠦᠯᠢᠭᠡᠷ ᠲᠠᠭᠤᠷᠢᠶᠠᠯ ᠪᠤᠯᠬᠤ ᠨᠢ ᠯᠠᠪᠳᠠᠢ᠃                                                                                                            ᠴᠢᠮᠡᠭᠡᠯᠡᠭᠴᠢ᠄ ᠬᠤᠨᠢᠴᠢᠨ ᠪᠠᠳᠠᠷᠠᠩᠭᠤᠢ
ᠢᠷᠡᠯᠲᠡ᠄ ᠣᠲᠤᠭ ᠨᠡᠶᠢᠲᠡᠯᠡᠯ