ᠡᠯᠵᠢᠭᠡ ᠴᠠᠳᠪᠠᠯ ᠣᠷᠬᠢᠷᠠᠬᠤ | ᠢᠰᠢᠭᠡ ᠴᠠᠳᠪᠠᠯ ᠳᠠᠭᠰᠢᠬᠤ | ᠢᠮᠠᠭᠠᠨ ᠰᠡᠭᠦᠯ ᠮᠢᠩᠭ᠎ᠠ ᠬᠦᠳᠡᠯᠬᠦ ᠠᠴᠠ | ᠬᠤᠨᠢᠨ ᠰᠡᠬᠦᠯ ᠨᠢᠭᠡ ᠬᠦᠳᠡᠯᠬᠦ | ᠨᠤᠤᠰᠤ ᠲᠠᠢ ᠢᠮᠠᠭ᠎ᠠ ᠰᠠᠮᠨᠠᠬᠤ ᠠᠴᠠ ᠵᠣᠪᠠᠭ᠋ᠤ | ᠨᠤᠤᠯᠤᠭᠤᠷ ᠲᠠᠢ ᠲᠡᠮᠡᠭᠡ ᠵᠤᠮᠠᠭᠠᠬᠤ ᠠᠴᠠ ᠵᠤᠪᠠᠭ᠋ᠤ | ᠰᠡᠷᠭᠡᠭ ᠵᠠᠩ ᠲᠠᠢ ᠢᠮᠠᠭ᠎ᠠ ᠰᠠᠶᠢᠨ | ᠰᠡᠴᠡᠨ ᠤᠬᠠᠭᠠᠨ ᠲᠠᠢ ᠨᠥᠬᠦᠷ ᠰᠠᠶᠢᠨ | ᠰᠡᠷᠡᠮᠵᠢ ᠮᠡᠷᠭᠡᠨ ᠨᠤᠶᠠᠨ ᠰᠠᠶᠢᠨ | ᠰᠡᠩᠬᠡᠷᠡᠭᠦᠯᠵᠦ ᠥᠭᠬᠦ ᠨᠥᠬᠦᠷ ᠰᠠᠶᠢᠨ | ᠢᠪᠴᠤᠤ ᠵᠠᠩ ᠳᠤ ᠢᠵᠢᠯᠢ ᠦᠭᠡᠢ | ᠢᠮᠠᠭᠠᠨ ᠭᠤᠳᠤᠩ ᠲᠤ ᠦᠬᠡᠬᠦ ᠦᠭᠡᠢ | ᠢᠮᠠᠭᠠᠨ ᠮᠢᠬ᠎ᠠ ᠬᠠᠯᠠᠭᠤᠨ ᠳᠤ ᠪᠠᠨ ᠰᠠᠶᠢᠨ | ᠶᠠᠪᠤᠳᠠᠯ ᠤᠴᠢᠷ ᠲᠦᠷᠭᠡᠨ ᠳᠤ ᠪᠠᠨ ᠰᠠᠶᠢᠨ | ᠮᠠᠭᠤ ᠬᠥᠮᠥᠨ ᠤ ᠳᠤᠤᠭᠠᠷᠬᠤ ᠨᠢ ᠶᠡᠭᠡ | ᠮᠠᠭᠤ ᠢᠮᠠᠭᠠᠨ ᠤ ᠮᠠᠶᠢᠯᠠᠬᠤ ᠨᠢ ᠶᠡᠭᠡ | ᠮᠠᠭᠤ ᠯᠠᠮᠠ ᠶᠢᠨ ᠠᠶᠠᠯᠭᠤ ᠨᠢ ᠶᠡᠭᠡ | ᠢᠮᠠᠭ᠎ᠠ ᠮᠠᠭᠤ ᠪᠠᠨ ᠮᠥᠷᠭᠦᠨ᠎ᠡ | ᠬᠥᠮᠥᠨ ᠮᠠᠭᠤ ᠪᠠᠨ ᠳᠠᠷᠤᠯᠠᠨᠠ | ᠨᠤᠮ ᠦᠭᠡᠢ ᠯᠠᠮᠠ ᠦᠭᠡ ᠨᠢ ᠬᠠᠲᠠᠭᠤ | ᠨᠤᠭᠲᠤ ᠦᠭᠡᠢ ᠡᠯᠵᠢᠭᠡ ᠡᠷᠡᠤ ᠨᠢ ᠬᠠᠲᠠᠭᠤ | ᠨᠤᠤᠯᠤᠭᠤᠷ ᠦᠭᠡᠢ ᠢᠮᠠᠭ᠎ᠠ ᠥᠰᠤ ᠨᠢ ᠬᠠᠲᠠᠭᠤ | ᠢᠮᠠᠭᠠᠨ ᠲᠡᠷᠭᠡᠳᠡ ᠡᠷᠭᠢ ᠠᠮᠠᠷᠠᠬᠤ ᠦᠭᠡᠢ | ᠶᠠᠮᠤᠳᠠᠳ ᠤᠨ ᠲᠡᠷᠭᠡᠳᠡ ᠠᠷᠠᠳ ᠠᠮᠠᠷᠠᠬᠤ ᠦᠭᠡᠢ | ᠢᠮᠠᠭᠠᠨ ᠳᠡᠪᠡᠯ ᠶᠠᠩᠵᠤᠨ ᠳᠤ ᠮᠠᠭᠤ | ᠢᠮᠠᠭᠠᠨ ᠮᠢᠬ᠎ᠠ ᠶᠠᠮᠠ ᠳᠤ ᠮᠠᠭᠤ | ᠰᠦ ᠦᠭᠡᠢ ᠢᠮᠠᠭ᠎ᠠ ᠬᠤᠯᠪᠤᠭᠠᠨ ᠳᠤ ᠳᠤᠷᠠᠲᠠᠢ | ᠨᠤᠮ ᠦᠭᠡᠢ ᠯᠠᠮᠠ ᠶᠠᠩ ᠲᠤ ᠳᠤᠷᠠᠲᠠᠢ | ᠤᠬᠤᠨᠡ ᠳᠤ ᠶᠠᠪᠤᠭᠰᠠᠨ ᠬᠥᠮᠥᠨ | ᠢᠮᠠᠭ᠎ᠠ ᠢᠰᠢᠭᠡᠯᠡᠭᠰᠡᠨ ᠬᠤᠶᠢᠨ᠎ᠡ ᠢᠷᠡᠬᠦ | ᠢᠮᠠᠭᠠᠨ ᠮᠢᠬ᠎ᠠ ᠬᠠᠯᠠᠭᠤᠨ ᠳᠤ ᠪᠠᠨ ᠰᠠᠶᠢᠨ | ᠶᠠᠪᠠᠭᠠᠨ ᠬᠥᠮᠥᠨ ᠬᠤᠷᠳᠤᠨ ᠳᠤ ᠪᠠᠨ ᠰᠠᠶᠢᠨ | ᠶᠡᠭᠡ ᠰᠠᠨᠠᠭᠰᠠᠨ ᠠᠭᠤᠯᠠᠨ ᠳᠤ ᠭᠦᠷᠦᠭᠡᠰᠦ ᠦᠭᠡᠢ | ᠢᠬᠡᠷ᠎ᠡ ᠰᠠᠨᠠᠭᠰᠠᠨ ᠢᠮᠠᠭᠠᠨ ᠳᠤ ᠢᠰᠢᠭᠡ ᠦᠭᠡᠢ | | | ᠬᠤᠷᠴᠠᠪᠢᠯᠢᠭ᠌ ᠠᠷᠪᠢᠨᠪᠠᠶᠠᠷ ᠤᠨ ᠴᠤᠭᠯᠠᠭᠤᠯᠤᠨ ᠡᠮᠬᠢᠳᠬᠡᠭᠰᠡᠨ ︽ᠣᠷᠳᠣᠰ ᠮᠣᠩᠭᠤᠯ ᠤᠨ ᠲᠠᠪᠤᠨ ᠬᠤᠰᠢᠭᠤ | ᠮᠠᠯ ᠤᠨ ᠢᠷᠦᠭᠡᠯ ᠮᠠᠭᠲᠠᠭᠠᠯ ᠵᠦᠢᠷ ᠰᠡᠴᠡᠨ ᠦᠭᠡ ᠥᠯᠢᠭᠡᠷ ᠲᠣᠮᠤᠭ ︾ ᠠᠴᠠ ᠪᠠᠭᠤᠯᠭᠠᠪᠠ | | |