| ᠤᠷᠳᠤᠰᠴᠤᠳ ᠰᠦ ᠰᠠᠭᠠᠯᠢ ᠶᠢᠨ ᠤᠮᠳᠠ ᠬᠠᠷᠢᠭᠤᠯᠵᠤ ᠥᠯ ᠵᠠᠯᠭᠠᠬᠤ ᠰᠢᠮ᠎ᠡ ᠲᠡᠵᠢᠭᠡᠯ ᠳᠤ ᠲᠦᠰᠢᠭᠯᠡᠵᠦ ᠢᠵᠠᠭᠤᠷ ᠠᠴᠠ ᠤᠮᠳᠠᠭᠠᠨ ᠢᠶᠠᠷ ᠭᠤᠣᠯ | ᠪᠣᠯᠭᠠᠵᠤ ᠢᠷᠡᠵᠡᠢ᠃ | ᠤᠷᠳᠤᠰ ᠮᠤᠩᠭᠤᠯ ᠠᠮᠢᠳᠤᠷᠠᠯᠭ᠎ᠠ ᠳᠤᠮᠳᠠ ᠪᠠᠨ ᠡᠷᠢᠨ ᠪᠦᠷᠢ ᠶᠢᠨ ᠬᠤᠭᠤᠯᠠ ᠶᠢ ᠵᠠᠪᠠᠯ ᠴᠠᠳᠳᠠᠯ᠎ᠠ ᠢᠳᠡᠬᠦ ᠶᠢ ᠭᠤᠷᠢᠯᠠᠳᠠᠭ ᠦᠭᠡᠢ᠃ ᠠᠯᠢ ᠬᠦᠨᠳᠤᠲᠠᠢ᠂ | ᠠᠮᠲᠠᠲᠠᠢ᠂ ᠬᠤᠪᠣᠷ ᠴᠤᠬᠠᠭ ᠢᠳᠡᠭᠡᠨ ᠢ ᠴᠦ ᠲᠠᠭᠠᠷᠠᠤᠬᠠᠨ ᠢᠳᠡᠭᠡᠳ ᠦᠯᠤᠰᠬᠦ ᠦᠭᠡᠢ ︽ᠭᠡᠳᠡᠰᠤ ᠴᠠᠳᠬᠤ︾ ᠪᠠᠷ ᠭᠡᠮ ᠪᠣᠯᠭᠠᠳᠠᠭ᠃ ᠭᠤᠣᠯ ᠢᠳᠡᠭᠡᠨ ᠳᠤ | ᠬᠤᠯᠢᠰᠢᠨ ᠢᠳᠡᠭᠡᠨ ᠪᠠ ᠨᠣᠭᠤᠭ᠎ᠠ ᠮᠢᠬᠠᠨ ᠤ ᠵᠦᠢᠯ ᠢ ᠵᠣᠬᠢᠰᠲᠠᠢ ᠣᠷᠤᠯᠴᠠᠭᠤᠯᠵᠤ᠂ ᠬᠠᠷᠠᠰᠤ ᠢᠳᠡᠭᠡᠨ ᠢ ᠭᠤᠯᠣᠳᠠᠭ ᠵᠠᠩᠰᠢᠯ ᠶᠡᠷᠤ ᠳᠤ ᠪᠠᠨ ᠪᠠᠶᠢᠳᠠᠭ ᠦᠭᠡᠢ᠃ | ᠢᠳᠡᠭᠡᠨ ᠤᠮᠳᠠᠭᠠᠨ ᠳᠤ ᠪᠠᠨ ᠮᠠᠯ ᠤᠨ ᠮᠢᠬ᠎ᠠ᠂ ᠰᠦ ᠪᠠᠷ ᠭᠤᠣᠯᠳᠠᠬᠤ ᠪᠣᠯᠪᠠᠴᠤ ᠵᠠᠷᠢᠮ ᠵᠡᠷᠯᠢᠭ ᠠᠮᠢᠳᠠᠨ ᠤ ᠮᠢᠬ᠎ᠠ ᠪᠠ ᠭᠡᠭᠡᠷ᠎ᠡ ᠶᠢᠨ ᠨᠣᠭᠤᠭ᠎ᠠ ᠵᠢᠮᠢᠰ ᠢ | ᠬᠦᠷᠲᠡᠯ᠎ᠡ ᠣᠷᠣ ᠪᠣᠯᠭᠠᠨ ᠨᠥᠬᠦᠪᠦᠷᠢᠯᠡᠵᠦ᠂ ᠶᠠᠩᠵᠤ ᠪᠦᠷᠢ ᠶᠢᠨ ᠲᠥᠭᠦᠮ ᠪᠠ ᠨᠠᠷᠢᠯᠢᠭ᠂ ᠶᠡᠷᠤ ᠶᠢᠨ ᠪᠠ ᠡᠷᠬᠢᠮ ᠢᠳᠡᠭᠡᠨ ᠤᠮᠳᠠᠭᠠᠨ ᠢ ᠢᠳᠡᠭᠡᠰᠢᠭᠦᠯᠦᠨ | ᠪᠣᠯᠪᠠᠰᠤᠷᠠᠭᠤᠯᠳᠠᠭ᠃ | ᠨᠢᠭᠡᠳᠦᠭᠡᠷ ᠬᠡᠰᠡᠭ ᠢᠳᠡᠭᠡᠨ ᠤᠮᠳᠠᠭᠠᠨ ᠤ ᠲᠦᠷᠤᠯ ᠵᠦᠢᠯ | ᠤᠷᠳᠣᠰ ᠤᠨ ᠢᠳᠡᠭᠡᠨ ᠤᠮᠳᠠᠭᠠᠨ ᠳᠤ ᠲᠠᠪᠤᠨ ᠬᠤᠰᠢᠭᠤ ᠮᠠᠯ ᠤᠨ ᠰᠦ ᠪᠠᠷ ᠪᠣᠯᠪᠠᠰᠤᠷᠠᠭᠤᠯᠤᠭᠰᠠᠨ ᠢ ᠴᠠᠭᠠᠨ ᠢᠳᠡᠭᠡᠨ︔ ᠠᠯᠠᠰᠢ ᠦᠭᠦᠴᠡ ᠳᠤ | ᠭᠠᠷᠭᠠᠭᠰᠠᠨ ᠮᠢᠬ᠎ᠠ ᠰᠢᠭᠦᠰᠦ ᠪᠠᠷ ᠪᠣᠯᠪᠠᠰᠤᠷᠠᠭᠤᠯᠤᠭᠰᠠᠨ ᠢ ᠤᠯᠠᠭᠠᠨ ᠢᠳᠡᠭᠡᠨ︔ ᠠᠮᠤ ᠰᠢᠯᠤᠬᠡᠢ᠂ ᠰᠠᠭᠠᠭ᠂ ᠨᠠᠷᠢᠮᠤ ᠵᠡᠷᠭᠡ ᠶᠢᠨ ᠮᠤᠩᠭᠤᠯ ᠲᠠᠷᠢᠶ᠎ᠠ ᠶᠢᠨ ᠦᠷ᠎ᠡ | ᠲᠦᠮᠣᠰᠤ ᠪᠠᠷ ᠪᠣᠯᠪᠠᠰᠤᠷᠠᠭᠤᠯᠤᠭᠰᠠᠨ ᠢ ᠪᠣᠷᠣ ᠢᠳᠡᠭᠡᠨ︔ ᠪᠣᠳᠣᠨᠴᠤᠭ᠂ ᠰᠤᠩᠬᠢᠨ᠎ᠠ᠂ ᠰᠠᠷᠢᠮᠰᠠᠭ᠂ ᠴᠠᠭᠠᠨ ᠨᠡᠪᠴᠢ ᠮᠡᠳᠣ ᠶᠢᠨ ᠲᠠᠷᠢᠮᠠᠯ ᠨᠤᠭᠤᠭ᠎ᠠ ᠪᠠ ᠳᠠᠭᠠᠨ᠎ᠠ᠂ | ᠰᠠᠭᠠᠢ᠂ ᠮᠥᠬᠦ ᠵᠡᠷᠭᠡ ᠬᠡᠭᠡᠷ᠎ᠡ ᠶᠢᠨ ᠤᠷᠭᠤᠮᠠᠯ ᠢᠶᠠᠷ ᠪᠣᠯᠪᠠᠰᠤᠷᠠᠭᠤᠯᠤᠭᠰᠠᠨ ᠢ ᠬᠥᠬᠡ ᠢᠳᠡᠭᠡᠨ︔ ᠲᠠᠪᠤᠨ ᠬᠤᠰᠢᠭᠤ ᠮᠠᠯ ᠤᠨ ᠰᠦ ᠪᠤᠶᠤ ᠰᠦ ᠲᠠᠢ ᠴᠠᠢ ᠶᠢ | ᠤᠮᠳᠠᠭᠠᠨ ᠭᠡᠵᠣ ᠲᠦᠷᠦᠯᠰᠢᠭᠦᠯᠦᠨ ᠬᠤᠪᠢᠶᠠᠳᠠᠭ᠃ | ᠨᠢᠭᠡ ᠴᠠᠭᠠᠨ ᠢᠳᠡᠭᠡᠨ ᠪᠣᠯᠪᠠᠰᠤᠷᠠᠭᠤᠯᠬᠤ ᠠᠷᠭ᠎ᠠ ᠪᠠ ᠲᠦᠷᠤᠯ ᠵᠦᠢᠯ | ︵ᠨᠢᠭᠡ︶ ᠴᠠᠭᠠᠨ ᠢᠳᠡᠭᠡᠨ ᠪᠣᠯᠪᠠᠰᠤᠷᠠᠭᠤᠯᠬᠤ ᠠᠷᠭ᠎ᠠ ᠪᠠ ᠲᠦᠷᠤᠯ ᠵᠦᠢᠯ | ᠴᠠᠭᠠᠨ ᠢᠳᠡᠭᠡᠨ ᠢ ᠬᠤᠨᠢ᠂ ᠢᠮᠠᠭ᠎ᠠ᠂ ᠦᠨᠢᠶ᠎ᠡ᠂ ᠭᠡᠭᠦᠦ᠂ ᠢᠩᠭᠡ ᠶᠢᠨ ᠰᠦ ᠪᠠᠷ ᠪᠣᠯᠪᠠᠰᠤᠷᠠᠭᠤᠯᠤᠨ᠎ᠠ᠃ ᠤᠷᠳᠤᠰ ᠮᠠᠯᠴᠢᠳ ᠤᠨ ᠰᠦ ᠰᠠᠭᠠᠯᠢ ᠪᠠᠷᠢᠬᠤ | ᠠᠷᠭ᠎ᠠ ᠮᠠᠶ᠋ᠢᠭ ᠦᠯᠡᠮᠵᠢ ᠪᠠᠶᠠᠯᠢᠭ ᠪᠠᠶᠢᠳᠠᠭ ᠲᠤᠯᠠ ᠴᠠᠭᠠᠨ ᠢᠳᠡᠭᠡᠨ ᠤ ᠲᠦᠷᠤᠯ ᠴᠦ ᠤᠯᠠᠨ ᠵᠦᠢᠯᠵᠢᠭᠡᠳ ᠪᠥᠬᠦᠯᠢ ᠢᠳᠡᠭᠡᠨ ᠤᠮᠳᠠᠭᠠᠨ ᠤ ᠬᠡᠯᠬᠢᠶᠡᠨ ᠳᠤ | ᠢᠳᠡᠭᠡᠨ ᠪᠠ ᠤᠮᠳᠠᠭᠠᠨ ᠤ ᠳᠠᠪᠬᠤᠷ ᠣᠢᠯᠡᠳᠤᠯ ᠢ ᠦᠵᠡᠭᠦᠯᠵᠠᠢ᠃ ᠲᠡᠭᠦᠨ ᠤ ᠡᠶᠢᠮᠣ ᠰᠢᠨᠵᠢ ᠴᠢᠨᠠᠷ ᠢ ᠦᠨᠳᠦᠰᠦᠯᠡᠵᠤ᠂ ᠶᠡᠷᠦᠩᠬᠡᠢ ᠳᠤ ᠨᠢ ᠢᠳᠡᠭᠡᠨ ᠤ ᠲᠦᠷᠥᠯ | ᠪᠠ ᠤᠮᠳᠠᠭᠠᠨ ᠤ ᠲᠥᠷᠥᠯ ᠭᠡᠵᠤ ᠬᠤᠶᠠᠷ ᠬᠤᠪᠢᠶᠠᠨ᠎ᠠ᠃ ᠡᠭᠦᠨ ᠳᠤ ᠵᠦᠬᠡᠬᠡᠢ᠂ ᠴᠠᠭᠠᠨ ᠲᠣᠰᠣ᠂ ᠰᠢᠷ᠎ᠠ ᠲᠣᠰᠣ ᠪᠠ ᠠᠭᠠᠷᠴᠠ᠂ ᠡᠭᠡᠷᠮᠡᠭ᠂ ᠰᠢᠭᠦᠮᠡᠯ ᠬᠤᠷᠤᠳ | ᠵᠡᠷᠭᠡ ᠠᠭᠰᠢᠮᠠᠯ ᠲᠣᠰᠤᠯᠢᠭ ᠴᠢᠨᠠᠷ ᠲᠠᠢ ᠶᠢ ᠢᠳᠡᠭᠡᠨ ᠤ ᠲᠥᠷᠥᠯ ᠳᠤ ᠪᠠᠭᠲᠠᠭᠠᠵᠤ᠂ ᠰᠦ᠂ ᠲᠠᠷᠠᠭ᠂ ᠠᠶᠢᠷᠠᠭ᠂ ᠬᠤᠭᠤᠷᠮᠠᠭ᠂ ᠡᠬᠡᠳᠡᠮ ᠪᠠ ᠠᠷᠢᠬᠢ ᠵᠡᠷᠭᠡ ᠶᠢ | ᠤᠮᠳᠠᠭᠠᠨ ᠤ ᠲᠦᠷᠥᠯ ᠳᠤ ᠪᠠᠭᠲᠠᠭᠠᠨ᠎ᠠ᠃ | 1. ᠰᠦ᠄ ᠰᠦ ᠪᠤᠯ ᠠᠯᠢᠪᠠ ᠴᠠᠭᠠᠨ ᠢᠳᠡᠭᠡᠨ ᠢ ᠪᠣᠯᠪᠠᠰᠤᠷᠠᠭᠤᠯᠬᠤ ᠡᠬᠢ ᠮᠠᠲ᠋ᠧᠷᠢᠶᠡᠯ ᠮᠥᠨ᠃ ᠤᠷᠳᠦᠰᠴᠳ ᠦᠰᠦ᠋ ᠭᠡᠳᠡᠭ᠃ ᠰᠦ ᠶᠢ ᠰᠠᠭᠠᠬᠤ ᠮᠠᠯ | ᠤᠨ ᠲᠦᠷᠦᠯ ᠳᠤ ᠨᠢ ᠣᠨᠣᠭᠠᠵᠤ ᠬᠤᠨᠢᠨ ᠰᠦ᠂ ᠦᠨᠢᠶᠠᠨ ᠰᠦ… ᠭᠡᠵᠦ ᠨᠡᠷᠡᠶᠢᠳᠳᠡᠭ᠃ ᠰᠠᠶ᠋ᠢ ᠲᠦᠯᠯᠡᠭᠰᠡᠨ ᠮᠠᠯ ᠠᠴᠠ ᠪᠠᠷᠢᠴᠠ ᠰᠦ ᠭᠠᠷᠳᠠᠭ ᠪᠤᠰᠤ ᠬᠠᠴᠢᠨ | ᠤᠭᠤᠷᠠᠭ ᠭᠠᠷᠳᠠᠭ᠃ ᠬᠤᠶᠠᠷ ᠬᠤᠨᠤᠭ ᠤᠨ ᠲᠤᠲᠤᠷᠠᠬᠢ ᠦᠳᠭᠡᠨ ᠰᠢᠷ᠎ᠠ ᠦᠩᠭᠡ ᠲᠠᠢ ᠶᠢ ︽ᠯᠠᠭ ᠤᠭᠤᠷᠠᠭ︾ ᠭᠡᠵᠤ᠂ ᠲᠠᠪᠤ ᠭᠤᠷᠪᠠ ᠬᠤᠨᠤᠭ ᠤᠨ ᠬᠢ ᠶᠢ ︽ | ᠬᠡᠯᠡᠭᠡᠢ ᠤᠭᠤᠷᠠᠭ︾ ᠭᠡᠨ᠎ᠡ᠃ ᠤᠭᠤᠷᠠᠭ ᠨᠢ ᠰᠢᠮ᠎ᠡ ᠲᠡᠵᠢᠭᠡᠯ ᠤᠨ ᠪᠦᠷᠢᠯᠳᠤᠯ ᠢᠶᠠᠷ ᠣᠬᠢ ᠳᠤ ᠣᠷᠣᠳᠠᠭ ᠴᠦ ᠥᠳᠬᠡᠨ ᠨᠢᠯᠤᠭᠤᠨ ᠬᠤᠷᠠᠭ ᠠᠮᠲᠠ ᠲᠠᠢ᠂ | ᠰᠢᠩᠭᠡᠭᠡᠯᠲᠡ ᠳᠤ ᠠᠨᠠᠢ ᠪᠠᠶᠢᠳᠠᠭ ᠪᠣᠯᠬᠤᠷ ᠵᠤᠨ ᠭᠠᠷᠤᠭᠰᠠᠨ ᠲᠥᠯ ᠬᠥᠬᠦᠵᠦ ᠰᠢᠮᠡᠬᠦ ᠠᠴᠠ ᠬᠢᠴᠢᠶᠡᠵᠦ ᠮᠠᠯᠴᠢᠳ ᠲᠡᠭᠦᠨ ᠢ ᠴᠠᠭᠠᠨ ᠮᠠᠩᠬ᠎ᠠ ᠲᠠᠢ ᠭᠠᠵᠠᠷ | ᠣᠷᠣᠭᠤ ᠰᠢᠪᠳᠤᠷᠴᠤ ᠭᠠᠷᠭᠠᠭᠠᠳ ︽ᠬᠤᠷᠣᠢ᠂ ᠬᠤᠷᠣᠢ︾ ᠭᠡᠵᠦ ᠲᠡᠭᠡᠵᠢ ᠶᠢ ᠨᠢ ᠠᠪᠴᠤ ᠮᠠᠩᠨᠠᠢ ᠳᠤ ᠪᠠᠨ ᠲᠦᠷᠬᠢᠳᠡᠭ᠃ ᠭᠡᠳᠡᠯ᠎ᠠ ᠦᠨᠢᠶᠡᠨ ᠤ ᠤᠭᠤᠷᠠᠭ ᠢ | ᠰᠠᠭᠠᠵᠤ ᠠᠪᠤᠭᠠᠳ ᠬᠠᠭᠤᠷᠴᠤ ᠢᠳᠡᠪᠡᠯ ᠦᠩᠭᠡ ᠨᠢ ᠳᠠᠬᠢᠶᠠᠨ ᠦᠨᠳᠡᠭᠡ ᠮᠡᠲᠣ ᠰᠢᠪ ᠰᠢᠷ᠎ᠠ᠂ ᠠᠮᠲᠠ ᠨᠢ ᠭᠠᠶᠢᠬᠠᠯᠲᠠᠢ ᠰᠠᠶᠢᠬᠠᠨ ᠪᠠᠶᠢᠳᠠᠭ᠃ | ᠰᠦ ᠶᠢᠨ ᠳᠣᠲᠣᠷ᠎ᠠ ᠦᠨᠢᠶᠡᠨ ᠰᠦ ᠪᠣᠯ ᠴᠠᠩᠭᠡᠷᠯᠢᠭ ᠳᠤᠩᠭᠠᠯᠠᠭ ᠦᠩᠬᠡ ᠲᠠᠢ᠂ ᠠᠮᠲᠠᠲᠠᠢ ᠪᠥᠭᠡᠳ ᠰᠡᠷᠢᠭᠦᠨ ᠴᠢᠨᠠᠷ ᠲᠠᠢ᠂ ᠰᠢᠮ᠎ᠡ ᠲᠡᠵᠢᠭᠡᠯ ᠢᠶᠠᠷ | ᠲᠡᠭᠦᠰ᠂ ᠴᠠᠭᠠᠨ ᠢᠳᠡᠭᠡᠨ ᠢ ᠪᠣᠯᠪᠠᠰᠤᠷᠠᠭᠤᠯᠬᠤ ᠭᠤᠣᠯ ᠲᠥᠭᠦᠬᠡᠢ ᠡᠳ᠋ ᠪᠣᠯᠣᠨ᠎ᠠ᠃ ᠭᠠᠭᠴᠠ ᠴᠠᠢ ᠰᠦᠯᠡᠬᠦ ᠳᠤ ᠪᠠᠷᠤᠭᠲᠠᠢ᠃ ᠰᠦᠯᠡᠪᠡᠯ ᠥᠩᠭᠡ ᠶᠢ ᠨᠢ | ᠴᠢᠯᠳᠡᠭᠡᠷ ᠪᠣᠯᠭᠠᠵᠤ ᠴᠠᠢ ᠶᠢ ᠰᠢᠩᠭᠡᠷᠡᠭᠦᠯᠳᠡᠭ᠃ | ᠬᠤᠨᠢᠨ ᠰᠦ ᠦᠳᠭᠡᠨ ᠲᠤᠰᠤᠯᠢᠭ ᠰᠢᠷ᠎ᠠ ᠦᠩᠭᠡ ᠲᠠᠢ᠂ ᠬᠠᠯᠠᠭᠤᠨ ᠴᠢᠨᠠᠷᠲᠠᠢ᠂ ᠡᠭᠡᠳᠡᠮ ᠨᠢ ᠶᠡᠭᠡ᠂ ᠵᠦᠭᠡᠬᠡᠢ ᠵᠤᠵᠠᠭᠠᠨ ᠰᠠᠭᠤᠳᠠᠭ᠃ ᠴᠠᠢ ᠰᠦᠯᠡᠬᠦ | ᠳᠤ ᠨᠡᠶᠢᠴᠡᠲᠡᠢ ᠪᠥᠭᠡᠳ ᠠᠷᠪᠢᠲᠠᠢ ᠪᠢᠯᠡ᠃ | ᠢᠮᠠᠭᠠᠨ ᠰᠦ ᠰᠢᠩᠭᠡᠨ ᠴᠡᠩᠬᠡᠷᠯᠢᠭ ᠦᠩᠭᠡ ᠲᠠᠢ᠂ ᠳᠣᠭᠰᠢᠨ ᠰᠡᠷᠢᠭᠦᠨ ᠴᠢᠨᠠᠷ ᠲᠠᠢ᠂ ᠳᠣᠰᠣᠯᠢᠭ ᠢᠶᠠᠷ ᠪᠠᠭ᠎ᠠ᠂ ᠠᠶᠢᠷᠠᠭ ᠬᠦᠷᠤᠩᠭᠡᠯᠡᠬᠦ᠂ ᠴᠠᠢ | ᠰᠦᠯᠡᠬᠦ ᠳᠤ ᠠᠰᠤᠷᠤ ᠰᠠᠶᠢᠨ ᠪᠠᠶᠢᠳᠠᠭ᠃ | ᠭᠡᠭᠦᠦ ᠶᠢᠨ ᠰᠦ ᠢᠰᠭᠦᠯᠡᠩ ᠱᠤᠷᠪᠤᠯᠢᠭ ᠠᠮᠲᠠᠲᠠᠢ᠂ ᠬᠠᠯᠠᠭᠤᠨ ᠴᠢᠨᠠᠷ ᠲᠠᠢ ᠪᠥᠭᠡᠳ ᠰᠢᠮ᠎ᠡ ᠲᠡᠵᠢᠭᠡᠯ ᠢᠶᠠᠷ ᠡᠯᠪᠡᠭ᠂ ᠭᠤᠤᠯᠳᠠᠭᠤ ᠴᠡᠭᠡ ᠬᠢᠵᠦ ᠤᠯᠠᠨ | ᠵᠦᠢᠯ ᠤᠨ ᠡᠪᠡᠳᠴᠢᠨ ᠢ ᠵᠠᠰᠠᠬᠤ ᠦᠢᠯᠡᠳᠦᠯ ᠲᠠᠢ ᠪᠣᠯᠪᠡᠴᠤ ᠤᠷᠳᠤᠰ ᠲᠤ ᠦᠷᠭᠦᠯᠵᠢ ᠰᠠᠭᠠᠳᠠᠭ ᠦᠭᠡᠢ ᠶᠤᠮ᠃ | ᠢᠩᠭᠡ ᠶᠢᠨ ᠰᠦ ᠥᠳᠬᠡᠨ ᠮᠥᠷᠲᠡᠭᠡᠨ ᠰᠢᠮ᠎ᠡ ᠲᠡᠵᠢᠭᠡᠯ ᠰᠠᠶᠢᠲᠠᠢ᠂ ᠴᠠᠢ ᠰᠦᠯᠡᠵᠤ᠂ ᠠᠶᠢᠷᠬᠠᠯᠠᠵᠤ ᠪᠦᠷ ᠪᠣᠯᠣᠨ᠎ᠠ᠃ | ᠰᠦ ᠠᠶᠢᠷᠠᠭ ᠪᠣᠯᠪᠠᠰᠤᠷᠠᠭᠤᠯᠬᠤ ᠲᠠᠯ᠎ᠠ ᠪᠠᠷ ᠣᠷᠳᠤᠰ ᠮᠤᠩᠭᠤᠯᠴᠤᠳ ᠵᠠᠷᠢᠮ ᠭᠠᠵᠠᠷ ᠣᠷᠣᠨ ᠰᠢᠭ᠋ ᠰᠦ ᠪᠠᠨ ᠡᠭᠡᠳᠡᠭᠦᠯᠦᠨ ᠪᠣᠯᠪᠡᠰᠤᠷᠠᠭᠤᠯᠬᠤ ᠪᠤᠶᠤ | ᠥᠷᠥᠮ᠎ᠡ ᠪᠠᠨ ᠬᠠᠶᠢᠯᠤᠭᠤᠯᠵᠤ ᠵᠥᠭᠡᠬᠡᠢ ᠪᠠᠨ ᠲᠤᠰᠤ ᠪᠣᠯᠭᠠᠵᠤ ᠠᠪᠬᠤ ᠵᠠᠩᠰᠢᠯ ᠦᠭᠡᠢ᠃ ᠠᠭᠤᠷ ᠠᠮᠢᠰᠬᠤᠯ ᠳᠤᠯᠠᠭᠠᠨ ᠤᠴᠢᠷ ᠵᠦᠭᠡᠭᠡᠢ ᠰᠠᠶᠢᠨ ᠰᠠᠭᠤᠬᠤ | ᠦᠭᠡᠢ ᠪᠠᠷ ᠰᠦ ᠨᠢ ᠡᠭᠡᠳᠡᠳᠡᠭ ᠪᠣᠯᠬᠤᠷ ᠰᠦ ᠪᠠᠨ ᠠᠶᠢᠷᠠᠭᠯᠠᠵᠤ ᠴᠠᠭᠠᠨ ᠢᠳᠡᠭᠡᠨ ᠬᠢᠳᠡᠭ᠃ | 2. ᠵᠥᠬᠡᠬᠡᠢ᠄ ᠰᠠᠭᠠᠭᠰᠠᠨ ᠰᠦ ᠪᠠᠨ ᠰᠠᠪᠠᠨ ᠳᠤ ᠬᠢᠵᠤ ᠲᠠᠯᠪᠢᠭᠠᠳ ᠪᠠᠶᠢᠪᠠᠯ ᠡᠭᠡᠳᠡᠬᠦ ᠶᠢ ᠳᠠᠭᠠᠯᠳᠤᠨ ᠳᠡᠭᠡᠷ᠎ᠡ ᠨᠢ ᠥᠷᠤᠮᠡᠳᠤᠵᠤ ᠰᠠᠭᠤᠭᠰᠠᠨ ᠨᠢᠮᠭᠡᠨ | ᠬᠦᠷᠦᠰᠦ ᠶᠢ ᠵᠥᠬᠡᠬᠡᠢ ᠭᠡᠨ᠎ᠡ᠃ ᠵᠥᠬᠡᠬᠡᠢ ᠶᠢ ᠲᠡᠷᠡ ᠬᠡᠪ ᠢᠶᠠᠷ ᠨᠢ ᠬᠠᠮᠤᠵᠤ ᠠᠪᠤᠭᠠᠳ ᠠᠮᠤ ᠲᠠᠢ ᠴᠠᠢ ᠳᠤ ᠪᠠᠨ ᠬᠤᠯᠢᠶ᠎ᠠ ᠪᠣᠯᠭᠠᠬᠤ ᠪᠤᠶᠤ ᠰᠢᠬᠢᠷ ᠪᠤᠷᠠᠮ ᠬᠢᠭᠡᠳ | ᠠᠮᠤ ᠵᠢᠭᠤᠷᠠᠵᠤ ᠢᠳᠡᠪᠡᠯ ᠠᠮᠲᠠ ᠨᠢ ᠰᠠᠶᠢᠬᠠᠨ ᠪᠠᠶᠢᠳᠠᠭ᠃ | | | ᠵ᠊ · ᠮᠠᠭᠰᠤᠷᠵᠠᠪ ᠰᠠᠶᠢᠨᠵᠢᠷᠭᠠᠯ ᠤᠨ ᠵᠣᠬᠢᠶᠠᠭᠰᠠᠨ ︽ ᠣᠷᠳᠣᠰ ᠵᠠᠩ ᠦᠢᠯᠡ ︾ ᠶᠢᠨ | 206— 209 ᠳ᠋ᠦ᠋ᠭᠡᠷ ᠨᠢᠭᠤᠷ ᠠᠴᠠ ᠪᠠᠭᠤᠯᠭᠠᠪᠠ | | |