ᠯᠣᠪ ᠤᠯᠤᠰᠤ​
ᠨᠡᠶᠢᠲᠡᠯᠡᠭᠰᠡᠨ ᠴᠠᠭ᠄
2025/3/7
      ᠬᠤᠯᠤᠰᠤᠯᠢᠭ ᠤᠯᠠᠭᠠᠨ ᠴᠡᠭᠴᠡᠦᠬᠡᠢ ᠶᠢᠨ ᠢᠵᠠᠭᠤᠷ᠂ ᠯᠣᠪ ᠤᠯᠤᠰᠤᠨ ᠤ ᠲᠥᠷᠥᠯ᠃ ᠰᠢᠯᠤᠭᠤᠨ ᠬᠠᠭᠠᠰ ᠪᠣᠲᠠ ᠮᠣᠳᠣ ᠪᠤᠶᠤ ᠡᠪᠡᠰᠦᠯᠢᠭ ᠤᠷᠭᠤᠮᠠᠯ᠂ 6 — 7 ᠳ᠋ᠤᠭᠠᠷ ᠰᠠᠷ᠎ᠠ ᠳᠤ ᠴᠡᠴᠡᠭᠯᠡᠵᠦ᠂ 8 ᠳ᠋ᠤᠭᠠᠷ ᠰᠠᠷ᠎ᠠ ᠳᠤ ᠦᠷᠡᠯᠡᠨ᠎ᠡ᠃      ᠬᠤᠵᠢᠷ ᠲᠤ ᠳᠠᠭᠠᠭᠠᠴᠠᠲᠠᠢ ᠬᠠᠭᠤᠷᠠᠶᠢᠰᠠᠭ ᠤᠷᠭᠤᠮᠠᠯ᠃ ᠶᠡᠬᠡᠪᠤᠯᠠᠭ ᠤᠨ ᠬᠠᠲᠤᠨ ᠭᠤᠣᠯ ᠤᠨ ᠬᠥᠪᠡᠭᠡ ᠳᠠᠭᠠᠤ ᠰᠠᠶᠢᠷᠭᠠᠯ ᠳᠤ ᠲᠠᠷᠠᠬᠠᠢ ᠪᠤᠲᠠᠷᠬᠠᠢ ᠤᠷᠭᠤᠵᠤ ᠪᠠᠶᠢᠨ᠎ᠠ᠃      ᠡᠰᠢᠨ ᠤ ᠬᠠᠯᠢᠰᠤ ᠶᠢᠨ ᠰᠢᠷᠬᠡᠭ ᠨᠢ ᠵᠥᠭᠡᠯᠡᠨ᠂ ᠨᠠᠷᠢᠨ ᠤᠷᠲᠤ᠂ ᠭᠢᠯᠦᠭᠡᠷ᠂ ᠪᠠᠰᠠ ᠬᠢᠯᠪᠠᠷᠬᠠᠨ ᠢᠯᠵᠢᠷᠡᠬᠦ ᠦᠭᠡᠢ᠂ ᠨᠡᠬᠡᠮᠡᠯ ᠪᠠ ᠳᠡᠭᠡᠳᠦ ᠲᠡᠰ ᠤᠨ ᠬᠡᠷᠡᠭᠯᠡᠬᠦ ᠴᠠᠭᠠᠰᠤᠨ ᠤ ᠲᠦᠭᠦᠬᠡᠢ ᠮᠠᠲ᠋ᠧᠷᠢᠶᠠᠯ ᠪᠣᠯᠣᠨ᠎ᠠ᠃ ᠨᠠᠪᠴᠢᠨ ᠳᠤᠨᠢ ᠭᠤᠮ ᠤᠨ ᠠᠭᠤᠯᠤᠭᠳᠠᠴᠠ 4 — 5% ᠪᠠᠶᠢᠵᠦ᠂ ᠲᠤᠭᠤᠶᠢᠯᠠᠪᠤᠷᠢ ᠶᠢᠨ ᠲᠦᠭᠦᠬᠡᠢ ᠮᠠᠲ᠋ᠧᠷᠢᠶᠠᠯ ᠪᠣᠯᠭᠠᠵᠤ ᠪᠣᠯᠣᠨ᠎ᠠ᠃ ᠨᠠᠪᠴᠢ ᠨᠢ ᠡᠮ ᠳᠤ ᠣᠷᠣᠨ᠎ᠠ᠂ ᠨᠢᠯᠬ᠎ᠠ ᠨᠠᠪᠴᠢ ᠶᠢ ᠨᠢ ᠵᠢᠩᠨᠡᠵᠦ ᠬᠠᠭᠤᠷᠤᠭᠰᠠᠨ ᠤ ᠳᠠᠷᠠᠭ᠎ᠠ ᠴᠠᠢ ᠶᠢ ᠣᠷᠣᠯᠠᠭᠤᠯᠤᠨ ᠤᠤᠭᠤᠵᠤ ᠪᠣᠯᠣᠨ᠎ᠠ᠃ ᠲᠤᠰ ᠤᠷᠭᠤᠮᠠᠯ ᠤᠨ ᠴᠡᠴᠡᠭ ᠨᠢ ᠠᠷᠪᠢᠨ ᠪᠥᠭᠡᠳ ᠠᠩᠭᠢᠯᠤᠮ᠎ᠠ᠂ ᠴᠡᠴᠡᠭᠯᠡᠬᠦ ᠬᠤᠭᠤᠴᠠᠭ᠎ᠠ ᠨᠢ ᠤᠷᠲᠤ᠂ ᠬᠥᠭᠵᠢᠭᠰᠡᠨ ᠪᠤᠯᠴᠢᠷᠬᠠᠢ ᠨᠢ ᠪᠠᠯ ᠤᠨ ᠰᠤᠷᠪᠤᠯᠵᠢ ᠰᠠᠶᠢᠲᠠᠢ ᠪᠠᠶᠢᠳᠠᠭ᠃                       ︽ᠤᠲᠤᠭ ᠤᠨ ᠠᠮᠢᠳᠤ ᠪᠤᠳᠠᠰ ᠤᠨ ᠡᠬᠢ ᠪᠠᠶᠠᠯᠢᠭ︾  ᠪᠠᠭᠠᠲᠤᠷ ᠨᠠᠶᠢᠷᠠᠭᠤᠯᠤᠨ ᠵᠤᠬᠢᠶᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ