ᠢᠳᠡᠭᠡᠨ ᠤᠮᠳᠠᠭᠠᠨ ᠤ ᠵᠠᠩ ᠦᠢᠯᠡ ︵ᠭᠤᠷᠪᠡ︶
ᠨᠡᠶᠢᠲᠡᠯᠡᠭᠰᠡᠨ ᠴᠠᠭ᠄
2025/4/16
      5.ᠠᠶᠢᠷᠠᠭ᠄ ᠲᠠᠪᠤᠨ ᠬᠤᠰᠢᠭᠤ ᠮᠠᠯ ᠤᠨ ᠰᠦ ᠶᠢ ᠪᠦᠷ ᠠᠶᠢᠷᠠᠭᠯᠠᠵᠤ ᠪᠣᠯᠣᠨ᠎ᠠ᠃ ᠠᠶᠢᠷᠠᠭ ᠪᠣᠯᠭᠠᠬᠤ ᠳᠤ ᠰᠦ ᠶᠢ ᠢᠰᠭᠡᠨ᠎ᠡ᠃ ᠰᠦ ᠶᠢ ᠢᠰᠬᠡᠬᠦ ᠳᠤ ᠰᠦ ᠳᠡᠭᠡᠷ᠎ᠡ ᠪᠠᠨ ᠲᠥᠷᠦᠭᠦᠦ ᠵᠢᠯ ᠤᠨ ᠠᠶᠢᠷᠠᠭ ᠢᠶᠠᠨ ᠬᠢᠵᠤ ᠬᠥᠷᠥᠩᠭᠡᠯᠡᠬᠦ᠂ ᠰᠢᠭᠦᠮᠡᠯ ᠬᠤᠷᠤᠳ ᠢ ᠪᠢᠯᠴᠠᠯᠵᠤ ᠬᠢᠭᠡᠳ ᠬᠥᠷᠥᠩᠭᠡᠯᠡᠬᠦ᠂ ᠠᠳᠬᠤ ᠰᠢᠬᠠᠭᠤ ᠤᠯᠠᠭᠠᠨ ᠠᠮᠤ ᠶᠢ ᠨᠠᠶᠢᠷᠠᠭᠤᠯᠵᠤ ᠬᠢᠭᠡᠳ ᠬᠥᠷᠥᠩᠭᠡᠯᠡᠬᠦ᠂ ᠠᠬᠢ ᠡᠪᠡᠰᠦᠨ ᠦᠨᠳᠦᠰᠦ ᠶᠢ ᠴᠡᠪᠡᠷᠯᠡᠵᠦ ᠬᠢᠭᠡᠳ ᠬᠥᠷᠥᠩᠭᠡᠯᠡᠬᠦ ᠮᠡᠲᠦ ᠠᠷᠭ᠎ᠠ ᠤᠳ ᠪᠠᠶᠢᠳᠠᠭ᠃ ᠡᠭᠦᠨ ᠢ ︽ᠠᠶᠢᠷᠠᠭ ᠲᠡᠵᠢᠭᠡᠨ᠎ᠡ︾᠂ ︽ᠠᠶᠢᠷᠠᠭ ᠬᠥᠷᠥᠩᠭᠡᠯᠡᠨ᠎ᠡ︾᠂ ︽ᠬᠥᠷᠥᠩᠭᠡ ᠲᠡᠵᠢᠭᠡᠨ᠎ᠡ︾ ᠭᠡᠵᠤ ᠶᠠᠩᠵᠤ ᠪᠦᠷᠢ ᠪᠠᠷ ᠬᠡᠯᠡᠳᠡᠭ᠃      ᠳᠡᠭᠡᠷᠡᠬᠢ ᠮᠡᠲᠦ ᠠᠷᠭ᠎ᠠ ᠨᠤᠭᠤᠳ ᠢ ᠠᠯᠢ ᠨᠢᠭᠡ ᠪᠠᠷ ᠬᠥᠷᠥᠩᠭᠡᠯᠡᠭᠡᠳ ᠭᠠᠨᠭ᠌ ᠳᠠᠬᠢ ᠰᠠᠭᠠᠮᠠᠯ ᠰᠦ ᠨᠢ ᠲᠦᠭᠦᠬᠡᠢ ᠰᠦ ᠶᠢᠨ ᠠᠮᠲᠠᠷᠬᠠᠭ ᠠᠮᠲᠠ ᠪᠠᠨ ᠠᠯᠳᠠᠵᠤ᠂ ᠢᠰᠭᠦᠯᠡᠩ ᠪᠤᠯᠤᠭᠰᠠᠨ ᠡᠭᠡᠳᠡᠮᠡᠭ ᠵᠦᠢᠯ ᠢ ᠠᠶᠢᠷᠠᠭ ᠭᠡᠨ᠎ᠡ᠃ ᠠᠶᠢᠷᠠᠭ ᠤᠨ ᠳᠡᠭᠡᠷᠡᠬᠢ ᠥᠳᠬᠡᠨ ᠠᠭᠰᠢᠭᠤᠨ ᠢ ᠰᠠᠭᠭᠠᠰᠤ ᠭᠡᠵᠤ᠂ ᠦᠯᠡᠳᠡᠭᠰᠡᠨ ᠢ ᠰᠢᠩᠭᠡᠨ ᠠᠶᠢᠷᠠᠭ ᠭᠡᠨ᠎ᠡ᠃      ᠲᠥᠷᠦᠭᠦᠦ ᠵᠢᠯ ᠤᠨ ᠠᠶᠢᠷᠠᠭ ᠢᠶᠠᠷ ᠬᠥᠷᠥᠩᠭᠡᠯᠡᠭᠰᠡᠨ ᠨᠢ ᠬᠠᠭᠤᠴᠢ ᠠᠮᠲᠠ ᠤᠷᠤᠰᠢᠬᠤ᠂ ᠰᠢᠭᠦᠮᠡᠯ ᠬᠤᠷᠤᠳ ᠤᠨ ᠬᠢᠨᠢ ᠰᠢᠷ᠎ᠠ ᠤᠰᠤ ᠲᠤᠨᠤᠰᠢᠨ ᠲᠣᠭᠰᠢᠨ ᠠᠮᠲᠠᠰᠢᠬᠤ᠂ ᠤᠯᠠᠭᠠᠨ ᠠᠮᠤ ᠶᠢᠨ ᠬᠢᠨᠢ ᠠᠮᠲᠠ ᠦᠨᠦᠷ ᠲᠡᠩᠴᠡᠭᠦᠨ ᠪᠣᠯᠣᠭᠠᠳ ᠪᠤᠳᠠᠭᠠᠨ ᠤ ᠠᠮᠲᠠᠲᠠᠢ ᠪᠣᠯᠬᠤ᠂ ᠠᠬᠢ ᠡᠪᠡᠰᠦ ᠶᠢᠨ ᠬᠢᠨᠢ ᠲᠤᠰᠤᠷᠬᠠᠭ ᠵᠥᠭᠡᠯᠡᠨ ᠰᠤᠷᠭᠤᠭ ᠠᠮᠲᠠᠲᠠᠢ ᠪᠠᠶᠢᠳᠠᠭ᠃       ᠠᠶᠢᠷᠠᠭᠯᠠᠬᠤ ᠳᠤ ᠶᠠᠭᠤᠨ ᠤ ᠡᠮᠦᠨ᠎ᠡ ᠪᠣᠯᠪᠠᠰᠤᠷᠠᠭᠤᠯᠬᠤ ᠪᠠᠭᠠᠵᠢ ᠬᠡᠷᠡᠭᠰᠡᠯ ᠵᠢᠴᠢ ᠬᠢᠵᠤ ᠪᠠᠷᠢᠬᠤ ᠰᠠᠭᠠᠯᠢᠴᠢᠨ ᠬᠡᠵᠢᠶᠡᠳᠡ ᠴᠡᠪᠡᠷ ᠠᠷᠢᠭᠤᠨ ᠪᠠᠶᠢᠬᠤ ᠨᠢ ᠲᠤᠩ ᠴᠢᠬᠤᠯᠠ᠃ ᠮᠥᠨ ᠴᠤ ᠪᠠᠶᠢᠭᠠᠯᠢ ᠶᠢᠨ ᠠᠭᠤᠷ ᠠᠮᠢᠰᠬᠤᠯ ᠢ ᠠᠩᠬᠠᠷᠤᠨ ᠠᠵᠢᠭᠯᠠᠵᠤ ᠳᠤᠯᠠᠭᠠᠨ ᠤ ᠬᠡᠮᠵᠢᠶ᠎ᠡ ᠶᠢ ᠲᠣᠬᠢᠷᠠᠭᠤᠯᠬᠤ ᠨᠢ ᠤᠮᠳᠤᠭᠠᠶᠢᠯᠠᠵᠤ ᠡᠰᠡ ᠪᠣᠯᠣᠨ᠎ᠠ᠃ ᠤᠴᠢᠷ ᠨᠢ ᠠᠶᠢᠷᠠᠭ ᠲᠤ ︽ᠬᠠᠯᠠᠭᠤᠳᠠᠬᠤ︾᠂ ︽ᠳᠠᠭᠠᠷᠠᠬᠤ︾ ᠦᠵᠡᠭᠳᠡᠯ ᠭᠠᠷᠳᠠᠭ᠃      ᠭᠠᠳᠠᠨ᠎ᠠ ᠶᠡᠭᠡ ᠬᠠᠯᠠᠵᠤ ᠭᠡᠷ ᠲᠤ ᠲᠠᠯᠪᠢᠭ᠎ᠠ ᠠᠶᠢᠷᠠᠭ ᠤᠨ ᠬᠤᠴᠢᠯᠭ᠎ᠠ ᠶᠢ ᠨᠢᠮᠭᠡᠯᠡᠬᠦ ᠦᠭᠡᠢ ᠪᠣᠯ ᠠᠶᠢᠷᠠᠭ ︽ᠬᠠᠯᠠᠭᠤᠳᠠᠨ᠎ᠠ︾᠂ ︽ᠬᠠᠯᠠᠭᠤᠳᠠᠪᠠᠯ︾ ᠬᠠᠭ᠋ᠠᠭᠤᠷᠠᠵᠤ ᠱᠤᠤᠭᠢᠨ᠂ ᠲᠣᠭᠰᠢᠨ ᠭᠠᠩᠳᠠᠭᠤᠨ ᠥᠨᠦᠷ ᠭᠠᠷᠴᠤ ᠰᠠᠭᠭᠠᠰᠤ ᠨᠢ ᠰᠢᠷᠠᠩᠭᠤᠶᠢᠳᠠᠨ ᠬᠠᠳᠠᠳᠠᠭ᠃ ᠭᠠᠳᠠᠨ᠎ᠠ ᠰᠡᠷᠢᠭᠦᠨ᠂ ᠴᠢᠭᠢᠭ ᠪᠤᠷᠤᠭᠠᠨ ᠲᠠᠢ ᠦᠶ᠎ᠡ ᠳᠤ ᠠᠶᠢᠷᠠᠭ ᠤᠨ ᠬᠤᠴᠢᠯᠭ᠎ᠠ ᠶᠢ ᠡᠰᠡ ᠨᠡᠮᠡᠪᠡᠯ ︽ᠳᠠᠭᠠᠷᠠᠨ᠎ᠠ︾᠂ ︽ᠳᠠᠭᠠᠷᠠᠪᠠᠯ︾ ᠬᠦᠭᠡᠰᠤᠷᠴᠤ ᠰᠢᠩᠭᠡᠷᠡᠭᠡᠳ ᠰᠢᠷ᠎ᠠ ᠤᠰᠤ ᠠᠷᠪᠢᠳᠳᠠᠭ᠃      ᠮᠠᠯᠴᠢᠨ ᠰᠠᠭᠠᠯᠢ ᠪᠠᠷᠢᠬᠤ ᠴᠠᠭ ᠪᠦᠯᠢᠬᠦ ᠠᠶᠢᠷᠠᠭ ᠢ ᠥᠪᠡᠷ ᠪᠤᠰᠤᠳ ᠲᠤ ᠪᠠᠷᠤᠭ ᠢᠳᠡᠭᠦᠯᠳᠡᠭ ᠦᠭᠡᠢ᠂ ᠰᠠᠭᠭᠠᠰᠤ ᠶᠢ ᠨᠡᠩ ᠴᠤ ᠠᠷᠪᠢᠯᠠᠳᠠᠭ᠃ ᠬᠠᠷᠢᠨ ᠦᠭᠡᠷ᠎ᠡ ᠰᠠᠪᠠᠨ ᠳᠤ ︽ᠢᠳᠡᠬᠦ ᠠᠶᠢᠷᠠᠭ︾ ᠭᠡᠵᠤ ᠪᠠᠵᠠᠭᠠᠳᠠᠭ᠃      ᠠᠶᠢᠷᠠᠭ ᠲᠤ ᠲᠤᠰᠣ ᠰᠦ ᠶᠢᠨ ᠵᠦᠢᠯ ᠪᠦᠷᠢᠨ ᠭᠦᠢᠴᠡᠳ ᠪᠠᠶᠢᠳᠠᠭ ᠪᠣᠯᠬᠤᠷ ᠤᠮᠳᠠ ᠬᠠᠷᠢᠭᠤᠯᠵᠤ ᠥᠯ ᠳᠠᠷᠤᠳᠠᠭ ᠬᠦᠴᠦ ᠲᠠᠢ ᠪᠢᠯᠡ᠃ ᠢᠯᠠᠩᠭᠤᠶ᠎ᠠ ᠤᠯᠠᠨ ᠵᠦᠢᠯ ᠤᠨ ᠲᠠᠷᠢᠶ᠎ᠠ ᠲᠥᠮᠥᠰᠥᠨ ᠤ ᠬᠠᠭᠤᠷᠤᠭᠰᠠᠨ ᠢᠳᠡᠭᠡᠨ ᠢ ᠬᠤᠯᠢᠵᠤ ᠵᠢᠭᠤᠷᠠᠵᠤ ᠢᠳᠡᠬᠦ ᠳᠤ ᠠᠶᠢᠷᠠᠭ ᠰᠢᠭ᠋ ᠲᠣᠬᠢᠷᠠᠮᠵᠢᠲᠠᠢ ᠵᠦᠢᠯ ᠥᠭᠡᠷ᠎ᠡ ᠪᠠᠶᠢᠬᠤ ᠦᠭᠡᠢ᠃      ᠠᠶᠢᠷᠠᠭ ᠢ ᠪᠦᠯᠢᠪᠡᠯ ᠴᠠᠭᠠᠨ ᠲᠤᠰᠤ ᠤᠨᠠᠳᠠᠭ᠃ ᠲᠤᠰᠣ ᠶᠢ ᠨᠢ ᠬᠠᠮᠤᠷᠪᠠᠯ ᠪᠦᠯᠢᠭᠰᠡᠨ ᠠᠶᠢᠷᠠᠭ ᠭᠡᠨ᠎ᠡ᠃      6.ᠴᠠᠭᠠᠨ ᠲᠤᠰᠣ᠄ ᠠᠶᠢᠷᠠᠭ ᠢ ᠪᠦᠯᠢᠪᠡᠯ ᠴᠠᠭᠠᠨ ᠲᠤᠰᠣ ᠭᠠᠷᠤᠨ᠎ᠠ᠃ ᠴᠠᠭᠠᠨ ᠲᠤᠰᠣ ᠭᠡᠭᠴᠢ ᠪᠦᠯᠢᠬᠦ᠂ ᠬᠢᠷᠮᠠᠯᠠᠬᠤ᠂ ᠵᠠᠩᠭᠢᠷᠠᠭᠠᠬᠤ ᠵᠡᠷᠭᠡ ᠦᠢᠯᠡᠴᠢᠯᠡᠯ ᠳᠤ ᠠᠶᠢᠷᠠᠭ ᠤᠨ ᠳᠡᠭᠡᠭᠦᠷ ᠢᠯᠭᠠᠷᠠᠨ ᠭᠠᠷᠤᠭᠰᠠᠨ ᠲᠤᠰᠤᠷᠬᠠᠭ ᠬᠥᠪᠥᠮᠡᠯ ᠴᠠᠭᠠᠨ ᠡᠳ᠋ ᠢ ᠬᠡᠯᠡᠳᠡᠭ᠃ ᠴᠠᠭᠠᠨ ᠲᠤᠰᠣ ᠠᠶᠢᠷᠠᠭ ᠤᠨ ᠬᠦᠴᠢᠯᠯᠢᠭ ᠠᠮᠲᠠᠲᠠᠢ ᠪᠦᠭᠡᠳ ᠰᠦ ᠤᠰᠤᠨ ᠤ ᠪᠦᠷᠢᠯᠳᠦᠭᠡᠨ ᠦᠨᠳᠥᠷ ᠰᠢᠭ ᠪᠠᠶᠢᠳᠠᠭ ᠪᠣᠯᠪᠠᠴᠤ ᠰᠢᠷ᠎ᠠ ᠲᠤᠰᠤᠨ ᠤ ᠤᠬᠢ ᠰᠠᠶᠢᠨ ᠲᠦᠭᠦᠬᠡᠢ ᠮᠠᠲ᠋ᠧᠷᠢᠶᠠᠯ ᠪᠣᠯᠳᠠᠭ᠃ ᠴᠠᠢ ᠶᠢᠨ ᠬᠤᠯᠢᠴᠠ ᠪᠣᠯᠭᠠᠪᠠᠯ ᠰᠢᠷ᠎ᠠ ᠲᠤᠰᠤ᠂ ᠵᠥᠭᠡᠬᠡᠢ ᠲᠠᠢ ᠲᠡᠩᠴᠡᠨ᠎ᠡ᠃ ᠢᠳᠡᠪᠡᠯ ᠮᠠᠰᠢ ᠰᠢᠮ᠎ᠡ ᠲᠡᠵᠢᠭᠡᠯ ᠲᠠᠢ ᠲᠣᠰᠣᠯᠢᠭ ᠢᠳᠡᠭᠡᠨ᠃ ᠠᠶᠢᠷᠠᠭ ᠤᠨ ᠬᠤᠯᠢᠴᠠ ᠲᠠᠢ ᠪᠣᠯᠬᠤᠷ ᠵᠤᠨ ᠤ ᠴᠠᠭ ᠬᠦᠭᠡᠴᠤᠷᠡᠵᠤ ᠬᠤᠪᠢᠯᠬᠤ ᠨᠢ ᠬᠢᠯᠪᠠᠷ᠂ ᠤᠳᠠᠭᠠᠨ ᠬᠠᠳᠠᠭᠠᠯᠠᠵᠤ ᠪᠣᠯᠬᠤ ᠦᠭᠡᠢ ᠲᠤᠯᠠ ᠤᠷᠳᠣᠰ ᠮᠠᠯᠴᠢᠳ ᠲᠡᠭᠦᠨ ᠢ ᠵᠤᠨ ᠪᠣᠯ ᠳᠡᠯᠡᠳᠴᠦ ᠲᠠᠯᠪᠢᠳᠠᠭ᠂ ᠡᠪᠤᠯ ᠪᠣᠯ ᠳᠡᠯᠡᠳᠴᠦ ᠬᠤᠷᠢᠶᠠᠳᠠᠭ ᠵᠠᠩᠰᠢᠯ ᠲᠠᠢ ᠪᠢᠯᠡ᠃      ᠳᠡᠯᠡᠳᠬᠦ ᠭᠡᠳᠡᠭ ᠨᠢ ᠲᠦᠮᠫᠠᠨ ᠰᠠᠪᠠ ᠳᠠᠬᠢ ᠴᠠᠭᠠᠨ ᠲᠤᠰᠣ ᠶᠢ ᠤᠷᠢᠳ ᠢᠶᠠᠷ ᠭᠠᠷ ᠢᠶᠠᠷ ᠢᠶᠠᠨ ᠪᠠᠵᠠᠭᠳᠠᠵᠤ ᠴᠠᠷᠴᠠᠭ᠎ᠠ ᠶᠢ ᠨᠢ ᠭᠠᠷᠭᠠᠨ᠎ᠠ᠂ ᠲᠤᠰᠣ ᠭᠠᠷ ᠲᠤ ᠨᠠᠭᠠᠯᠳᠤᠬᠤ ᠲᠤᠯᠠ ᠴᠠᠭᠠᠯᠠᠭᠰᠠᠨ ᠬᠦᠢᠲᠡᠨ ᠤᠰᠤ ᠶᠢ ᠪᠠᠭ᠎ᠠ ᠪᠠᠭ᠎ᠠ ᠪᠠᠷ ᠲᠤᠰᠤᠭᠠᠵᠤ᠂ ᠴᠠᠭᠠᠨ ᠲᠤᠰᠣ ᠶᠢ ᠱᠠᠪᠰᠢᠨ ᠳᠡᠯᠡᠳᠴᠦ ᠰᠠᠪᠠ ᠶᠢᠨ ᠨᠢᠭᠡ ᠲᠠᠯ᠎ᠠ ᠳᠤ ᠨᠢ ᠪᠥᠭᠡᠮᠨᠡᠷᠡᠭᠦᠯᠦᠨ᠎ᠡ᠂ ᠡᠨᠡ ᠮᠡᠲᠦ ᠤᠯᠠᠨᠳᠡ ᠳᠡᠯᠡᠳᠴᠦ ᠱᠠᠪᠰᠢᠨ ᠲᠤᠰᠤᠨ ᠳᠤ ᠨᠠᠭᠠᠯᠳᠤᠭᠰᠠᠨ ᠠᠶᠢᠷᠠᠭ ᠢ ᠤᠰᠤ ᠶᠢᠨ ᠬᠠᠮᠲᠤ ᠢᠯᠭᠠᠷᠠᠭᠤᠯᠬᠤ ᠶᠢ ᠬᠡᠯᠡᠨ᠎ᠡ᠃ ᠢᠩᠭᠢᠵᠦ ᠳᠡᠯᠡᠳᠦᠭᠰᠡᠨ ᠲᠤᠰᠣ ᠶᠢ ᠬᠠᠯᠠᠭᠤᠨ ᠴᠠᠭ ᠲᠤ ᠬᠡᠳᠤᠨ ᠡᠳᠦᠷ ᠬᠠᠳᠠᠭᠠᠯᠠᠵᠤ ᠪᠣᠯᠳᠠᠭ᠃ ᠡᠭᠦᠨ ᠠᠴᠠ ᠭᠠᠳᠠᠨ᠎ᠠ ᠪᠠᠰᠠ ᠴᠠᠭᠠᠨ ᠲᠤᠰᠣ ᠪᠠᠨ ᠳᠡᠭᠡᠷᠡᠬᠢ ᠠᠷᠭ᠎ᠠ ᠪᠠᠷ ᠳᠡᠯᠡᠳᠦᠭᠡᠳ ᠪᠠᠭ᠎ᠠ ᠪᠠᠭ᠎ᠠ ᠪᠠᠷ ᠪᠥᠭᠡᠮᠨᠡᠵᠦ᠂ ᠳᠤᠮᠲᠠ ᠨᠢ ᠬᠠᠳᠠ ᠴᠢᠯᠠᠭᠤ ᠮᠡᠲᠦ ᠶᠢᠨ ᠢᠯᠵᠢᠷᠡᠵᠦ ᠰᠢᠯᠪᠤᠷᠠᠬᠤ ᠦᠭᠡᠢ ᠶᠠᠭᠤᠮ᠎ᠠ ᠶᠢ ᠲᠠᠯᠪᠢᠭᠠᠳ᠂ ᠠᠶᠢᠷᠠᠭ ᠴᠠᠭ᠎ᠠ ᠲᠠᠢ ᠰᠠᠪᠠᠨ ᠳᠤ ᠬᠢᠵᠤ ᠬᠤᠷᠢᠶᠠᠳᠠᠭ᠃ ᠬᠦᠨᠳᠦ ᠶᠠᠭᠤᠮ᠎ᠠ ᠬᠠᠪᠴᠢᠭᠤᠯᠵᠤ ᠳᠡᠯᠡᠳᠴᠦ ᠬᠤᠷᠢᠶᠠᠭᠰᠠᠨ ᠴᠠᠭᠠᠨ ᠲᠤᠰᠤ ᠠᠶᠢᠷᠠᠭ ᠴᠠᠭ᠎ᠠ ᠶᠢᠨ ᠳᠤᠤᠷ᠎ᠠ ᠲᠤᠨᠤᠳᠠᠭ ᠪᠣᠯᠬᠤᠷ ᠪᠦᠲᠦᠨ ᠡᠪᠤᠯ ᠬᠠᠪᠤᠷ ᠢᠶᠠᠷ ᠢᠳᠡᠪᠡᠴᠦ ᠥᠨᠦᠷ ᠠᠮᠲᠠ ᠨᠢ ᠰᠤᠷᠭᠤᠭ ᠬᠡᠪ ᠢᠶᠠᠷ ᠢᠶᠠᠨ ᠪᠠᠶᠢᠳᠠᠭ᠃                             ᠵ᠊ · ᠮᠠᠭᠰᠤᠷᠵᠠᠪ   ᠰᠠᠶᠢᠨᠵᠢᠷᠭᠠᠯ ᠤᠨ ᠵᠣᠬᠢᠶᠠᠭᠰᠠᠨ ︽  ᠣᠷᠳᠣᠰ ᠵᠠᠩ ᠦᠢᠯᠡ ︾ ᠶᠢᠨ                                211— 213 ᠳ᠋ᠤᠭᠠᠷ ᠨᠢᠭᠤᠷ ᠠᠴᠠ ᠪᠠᠭᠤᠯᠭᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ