7. ᠰᠢᠷ᠎ᠠ ᠲᠤᠰᠤ᠄ ᠴᠠᠭᠠᠨ ᠲᠤᠰᠤ ᠪᠠᠨ ᠬᠠᠶᠢᠯᠤᠭᠤᠯᠤᠭᠠᠳ ᠰᠢᠷ᠎ᠠ ᠲᠤᠰᠣ ᠠᠪᠳᠠᠭ᠃ ᠡᠭᠦᠨ ᠳᠤ ︽ᠲᠤᠰᠣ ᠬᠠᠶᠢᠯᠤᠭᠤᠯᠬᠤ︾ ᠭᠡᠳᠡᠭ᠃ | ᠲᠤᠰ ᠬᠠᠶᠢᠯᠤᠭᠤᠯᠬᠤ ᠳᠤ ᠤᠷᠢᠳ ᠢᠶᠠᠷ ᠲᠥᠷᠦᠭᠦᠦ ᠡᠳᠦᠷ ᠤᠨ ᠪᠦᠯᠢᠵᠦ ᠠᠪᠤᠭᠰᠠᠨ ᠲᠦᠮᠫᠠᠨ ᠰᠠᠪᠠ ᠳᠠᠬᠢ ᠴᠠᠭᠠᠨ ᠲᠤᠰᠣ ᠪᠠᠨ ᠲᠤᠭᠤᠭᠠᠨ ᠳᠤ ᠬᠢᠵᠤ᠂ | ᠠᠷᠭᠠᠯ ᠲᠦᠯᠡᠭᠡ ᠶᠢᠨ ᠨᠤᠷᠮᠠᠨ ᠭᠠᠯ ᠳᠤ ᠪᠤᠴᠠᠯᠭᠠᠵᠤ᠂ ᠬᠥᠭᠡᠰᠦᠷᠡᠭᠰᠡᠨ ᠢ ᠨᠢ ᠰᠠᠮᠤᠷᠴᠤ ᠵᠠᠮᠤᠷᠤᠭᠠᠭᠠᠳ ᠲᠦᠮᠫᠡᠨ ᠳᠤ ᠪᠠᠨ ᠪᠤᠴᠠᠭᠠᠵᠤ ᠬᠢᠵᠤ ᠠᠪᠤᠨ᠎ᠠ᠃ | ᠢᠩᠭᠢᠭᠡᠳ ᠰᠠᠶ᠋ᠢ ᠶᠢᠨ ᠲᠤᠰᠣ ᠪᠤᠴᠠᠯᠭᠠᠭᠰᠠᠨ ᠲᠤᠭᠤᠭᠠᠨ ᠳᠤ ᠪᠠᠨ ᠰᠢᠨᠠᠭ᠎ᠠ ᠰᠢᠬᠠᠮ ᠤᠰᠤ ᠪᠠ ᠠᠶᠠᠭ᠎ᠠ ᠬᠢᠷᠢ ᠲᠦᠭᠦᠬᠡᠢ ᠲᠤᠳᠤᠷᠭ᠎ᠠ ᠪᠤᠶᠤ ᠴᠠᠭᠠᠨ ᠪᠤᠳᠠᠭ᠎ᠠ | ᠣᠶᠢᠵᠤ ᠪᠤᠴᠠᠯᠭᠠᠭᠰᠠᠨ ᠤ ᠳᠠᠷᠠᠭ᠎ᠠ ᠲᠦᠮᠫᠡᠨ ᠳᠠᠬᠢ ᠬᠠᠶᠢᠯᠤᠮᠠᠭ ᠲᠤᠰᠤᠨ ᠤ ᠳᠡᠭᠡᠭᠦᠷ ᠢᠯᠭᠠᠷᠠᠨ ᠭᠠᠷᠤᠭᠰᠠᠨ ᠰᠢᠷ᠎ᠠ ᠲᠤᠰᠣ ᠶᠢ ᠰᠢᠨᠠᠭ᠎ᠠ ᠪᠠᠷ ᠦᠯᠡᠳᠡᠭᠡᠯ ᠦᠭᠡᠢ | ᠬᠠᠯᠢᠨ ᠠᠪᠴᠤ ᠲᠤᠭᠤᠭᠠᠨ ᠳᠤ ᠪᠠᠨ ᠬᠢᠨ᠎ᠡ᠃ | ᠲᠤᠭᠤᠭᠠᠨ ᠳᠠᠬᠢ ᠰᠢᠷ᠎ᠠ ᠲᠤᠰᠤ ᠪᠠᠨ ᠪᠤᠳᠠᠭ᠎ᠠ ᠶᠢᠨ ᠬᠠᠮᠲᠤ ᠵᠥᠭᠡᠯᠡᠨ ᠭᠠᠯ ᠢᠶᠠᠷ ᠴᠠᠭ ᠰᠢᠬᠠᠮ ᠪᠤᠴᠠᠯᠭᠠᠵᠤ᠂ ᠲᠤᠭᠤᠭᠠᠨ ᠤ ᠢᠷᠤᠭᠠᠷ ᠲᠤ ᠪᠤᠳᠠᠭ᠎ᠠ | ᠥᠯᠦ ᠨᠠᠭᠠᠯᠳᠤᠬᠤ ᠪᠠ ᠤᠰᠤ ᠠᠶᠢᠷᠠᠭ ᠢ ᠲᠦᠷᠭᠡᠨ ᠢᠯᠭᠠᠷᠠᠭᠤᠯᠬᠤ ᠪᠠᠷ ᠰᠢᠨᠠᠭᠠᠨ ᠲᠤᠯᠤᠭᠠᠢ ᠪᠠᠷ ᠲᠤᠰᠣ ᠪᠤᠳᠠᠭ᠎ᠠ ᠶᠢ ᠢᠷᠤᠭᠠᠷ ᠳᠠᠭᠠᠭᠤᠯᠤᠨ ᠪᠠᠶᠢᠨ ᠪᠠᠶᠢᠨ | ᠬᠤᠳᠬᠤᠵᠤ ᠬᠥᠳᠡᠯᠭᠡᠨ᠎ᠡ᠃ ᠲᠤᠭᠤᠭᠠᠨ ᠳᠠᠬᠢ ᠰᠢᠷ᠎ᠠ ᠲᠤᠰᠤ ᠠᠩᠭᠢᠷ ᠰᠢᠷ᠎ᠠ ᠥᠩᠭᠡᠰᠢᠵᠦ᠂ ᠢᠷᠤᠭᠠᠷ ᠲᠠᠬᠢ ᠪᠤᠳᠠᠭ᠎ᠠ ᠨᠢ ᠢᠯᠭᠠᠷᠠᠮ᠎ᠠ ᠲᠤᠳᠤ ᠦᠵᠡᠭᠳᠡᠵᠦ | ᠢᠷᠡᠬᠦ ᠳᠤ ᠰᠢᠨᠠᠭᠠᠨ ᠲᠠᠷᠢᠬᠢ ᠪᠠᠷ ᠪᠤᠳᠠᠭ᠎ᠠ ᠶᠢ ᠲᠤᠰᠤᠨ ᠠᠴᠠ ᠰᠠᠯᠭᠠᠵᠤ ᠨᠢᠭᠡ ᠲᠡᠰᠢ ᠪᠥᠭᠡᠮᠨᠡᠷᠡᠭᠦᠯᠦᠭᠡᠳ᠂ ᠢᠯᠭᠠᠷᠠᠵᠤ ᠭᠠᠷᠤᠭᠰᠠᠨ ᠰᠢᠷ᠎ᠠ ᠲᠤᠰᠣ ᠶᠢ ᠨᠢ ᠰᠢᠪᠠᠷ | ᠪᠣᠮᠪᠤᠷᠤᠤ ᠰᠤᠪᠤᠷᠭᠠᠨ ᠳᠤ ᠰᠢᠷᠬᠡᠭ ᠪᠤᠳᠠᠭ᠎ᠠ ᠴᠤ ᠣᠷᠣᠭᠤᠯᠤᠯ ᠦᠭᠡᠢ ᠰᠠᠪᠠᠯᠠᠵᠤ ᠠᠪᠤᠭᠠᠳ ᠰᠡᠷᠢᠭᠦᠨ ᠭᠠᠵᠠᠷ ᠲᠠᠯᠪᠢᠵᠤ ᠪᠠᠶᠢᠭᠠᠳ ᠬᠠᠯᠠᠭᠤᠨ ᠠᠭᠤᠷ ᠨᠢ | ᠭᠠᠷᠤᠭᠰᠠᠨ ᠤ ᠳᠠᠷᠠᠭ᠎ᠠ ᠠᠮᠠ ᠶᠢ ᠨᠢ ᠳᠡᠪᠲᠦᠭᠡᠭᠰᠡᠨ ᠭᠦᠵᠡᠭᠡ ᠰᠠᠷᠢᠰᠤ ᠪᠠᠷ ᠪᠦᠷᠬᠦᠵᠦ ᠪᠣᠭᠤᠭᠠᠳ ᠬᠤᠷᠢᠶᠠᠵᠤ ᠲᠠᠯᠪᠢᠳᠠᠭ᠃ ᠪᠠᠰᠠ ᠮᠠᠯ ᠤᠨ ᠭᠦᠵᠡᠭᠡ᠂ | ᠤᠯᠤᠭᠠᠢ ᠶᠢ ᠰᠠᠶᠢᠲᠤᠷ ᠴᠡᠪᠡᠷᠯᠡᠵᠦ ᠤᠷᠪᠠᠭᠤᠯᠤᠭᠠᠳ ᠳᠤᠲᠤᠷ᠎ᠠ ᠨᠢ ᠰᠠᠪᠠᠯᠠᠵᠤ ᠴᠠᠷᠴᠠᠭᠠᠵᠤ ᠲᠠᠯᠪᠢᠳᠠᠭ᠃ ᠰᠢᠷ᠎ᠠ ᠲᠤᠰᠣ ᠪᠠᠨ ᠬᠠᠷᠮᠠᠵᠤ ᠠᠪᠤᠭᠠᠳ | ᠦᠯᠡᠳᠡᠭᠰᠡᠨ ᠢ ᠨᠢ ︽ᠲᠤᠰᠤᠨ ᠠᠶᠢᠷᠠᠭ︾ ᠭᠡᠵᠤ᠂ ᠰᠢᠷ᠎ᠠ ᠲᠤᠰᠣ ᠪᠠᠨ ᠰᠠᠪᠠᠯᠠᠵᠤ ᠠᠪᠤᠭᠠᠳ ᠲᠣᠭᠤᠭᠠᠨ ᠳᠤ ᠦᠯᠡᠳᠡᠭᠰᠡᠨ ᠢ ︽ᠲᠤᠰᠤᠨ ᠪᠤᠳᠠᠭ᠎ᠠ︾᠂ ︽ | ᠦᠵᠦᠭᠡᠢ ᠪᠤᠳᠠᠭ᠎ᠠ︾ ᠭᠡᠨ᠎ᠡ᠃ ᠤᠤᠭᠤᠵᠤ ᠢᠳᠡᠵᠦ ᠪᠦᠷ ᠪᠤᠯᠤᠨ᠎ᠠ᠃ | ᠰᠢᠷ᠎ᠠ ᠲᠤᠰᠤᠨ ᠤ ᠳᠤᠲᠤᠷ᠎ᠠ ᠦᠨᠢᠶᠠᠨ ᠰᠦᠨ ᠤ ᠬᠢᠨᠢ ᠲᠡᠭᠰᠢ ᠴᠢᠨᠠᠷ ᠲᠠᠢ ᠲᠤᠯᠠ ᠠᠯᠲᠠᠨ ᠰᠢᠷᠭᠠᠯ ᠥᠩᠭᠡ ᠲᠠᠢ᠃ ᠬᠤᠨᠢᠨ ᠰᠦᠨ ᠤ ᠬᠢᠨᠢ ᠬᠠᠯᠠᠭᠤᠨ | ᠴᠢᠨᠠᠷ ᠲᠠᠢ ᠪᠣᠯᠬᠤᠷ ᠤᠯᠠᠪᠢᠷ ᠰᠢᠷ᠎ᠠ ᠥᠩᠭᠡ ᠲᠠᠢ᠃ ᠢᠮᠠᠭᠠᠨ ᠰᠦᠨ ᠤ ᠪᠣᠯ ᠰᠡᠷᠢᠭᠦᠨ ᠴᠢᠨᠠᠷ ᠲᠠᠢ ᠪᠣᠯᠬᠤᠷ ᠴᠠᠭᠠᠪᠲᠤᠷ ᠥᠩᠭᠡ ᠲᠠᠢ ᠪᠠᠶᠢᠳᠠᠭ᠃ | ᠰᠢᠷ᠎ᠠ ᠲᠤᠰᠣ ᠪᠣᠯ ᠰᠦᠨ ᠤ ᠲᠣᠰᠣᠯᠢᠭ ᠤᠨ ᠳᠤᠲᠤᠷᠠᠬᠢ ᠶᠠᠮᠠᠷ ᠴᠤ ᠬᠤᠯᠢᠮᠠᠭ ᠵᠦᠢᠯ ᠦᠭᠡᠢ᠂ ᠬᠠᠮᠤᠭ ᠤᠨ ᠰᠠᠶᠢᠨ ᠠᠮᠲᠠ ᠰᠢᠮᠲᠡ ᠪᠦᠷᠢᠯᠳᠦᠭᠰᠡᠨ | ᠤᠬᠢ ᠰᠣᠳᠣ ᠢᠳᠡᠭᠡᠨ ᠮᠥᠨ᠃ ᠲᠡᠷᠡ ᠨᠢ ᠥᠯ ᠰᠠᠶᠢᠲᠠᠢ᠂ ᠬᠥᠮᠥᠨ ᠤ ᠪᠡᠶ᠎ᠡ ᠶᠢᠨ ᠢᠯᠴᠢ ᠶᠢ ᠨᠡᠮᠡᠭᠳᠡᠭᠦᠯᠵᠦ᠂ ᠳᠠᠭᠠᠷᠠᠵᠤ ᠪᠡᠭᠡᠷᠡᠬᠦ ᠶᠢ ᠰᠡᠷᠭᠡᠶᠢᠯᠡᠨ᠂ ᠪᠡᠶ᠎ᠡ | ᠮᠠᠬᠠᠪᠤᠳ ᠢ ᠰᠢᠮᠡᠵᠢᠭᠦᠯᠵᠦ ᠲᠠᠮᠢᠷ ᠲᠡᠩᠬᠡᠭᠡ ᠤᠷᠤᠭᠤᠯᠳᠠᠭ ᠦᠢᠯᠡᠳᠦᠯ ᠲᠠᠢ᠃ | ᠤᠷᠳᠣᠰ ᠮᠣᠩᠭᠤᠯᠴᠤᠳ ᠰᠢᠷ᠎ᠠ ᠲᠤᠰᠣ ᠶᠢ ᠪᠣᠯᠪᠠᠰᠤᠷᠠᠭᠤᠯᠵᠤ᠂ ᠰᠢᠮ᠎ᠡ ᠲᠡᠵᠢᠭᠡᠯ ᠢ ᠨᠢ ᠠᠰᠢᠭᠯᠠᠵᠤ ᠢᠳᠡᠭᠡᠨ ᠤ ᠡᠷᠬᠢᠮ ᠳᠡᠭᠡᠳᠦ ᠪᠣᠯᠭᠠᠬᠤ ᠳᠤ ᠪᠠᠨ | ᠪᠤᠭᠲᠠ ᠶᠢᠨ ᠲᠠᠬᠢᠯᠭ᠎ᠠ ᠳᠤ ᠪᠠᠷᠢᠬᠤ᠂ ᠪᠤᠷᠬᠠᠨ ᠨᠤᠮ ᠤᠨ ᠲᠠᠬᠢᠯ ᠵᠤᠯᠠ ᠳᠤ ᠡᠷᠭᠦᠬᠦ᠂ ᠵᠢᠯ ᠴᠠᠭᠠᠨ ᠰᠠᠷ᠎ᠠ ᠳᠤ ᠰᠠᠴᠤᠯᠢ ᠶᠢᠨ ᠲᠤᠯᠤᠭᠠᠢ ᠴᠢᠮᠡᠬᠦ᠂ ᠬᠠᠭᠤᠴᠢᠳ ᠤᠨ | ᠳᠡᠭᠡᠵᠢ᠂ ᠰᠢᠨ᠎ᠡ ᠶᠢᠨ ᠪᠤᠭᠤᠷᠰᠤᠭ ᠤᠨ ᠴᠢᠮᠡᠭ ᠵᠢᠩᠰᠡ ᠪᠣᠯᠭᠠᠬᠤ᠂ ᠬᠡᠶᠢᠴᠢᠨ ᠵᠣᠴᠢᠨ ᠴᠠᠶᠢᠯᠠᠬᠤ᠂ ᠪᠡᠯᠡᠭ ᠰᠠᠯᠳᠡ ᠥᠭᠬᠦ ᠪᠠ ᠪᠤᠤᠪᠤ ᠬᠠᠭᠠᠷᠢᠬᠤ᠂ ᠪᠤᠭᠤᠷᠰᠤᠭ | ᠵᠠᠪᠰᠠᠷᠯᠠᠬᠤ᠂ ᠪᠦᠷᠢᠶᠠᠨᠰᠡᠭ ᠲᠤ ᠬᠠᠪᠴᠢᠭᠤᠯᠬᠤ᠂ ᠪᠦᠡᠭ ᠠᠮᠤ ᠨᠠᠶᠢᠷᠠᠭᠤᠯᠬᠤ ᠵᠢᠴᠢ ᠴᠠᠢ ᠳᠤ ᠪᠠᠨ ᠲᠤᠰᠤᠭᠠᠵᠤ ᠬᠠᠭᠤᠷᠠᠭᠰᠠᠨ ᠠᠮᠤ ᠲᠠᠢ ᠪᠠᠨ ᠬᠤᠯᠢᠵᠤ ᠢᠳᠡᠬᠦ | ᠵᠡᠷᠭᠡ ᠡᠩ ᠶᠡᠷᠦ ᠶᠢᠨ ᠠᠮᠢᠳᠤᠷᠠᠯ ᠳᠤ ᠪᠠᠨ ᠡᠭᠦᠷᠢᠳᠡ ᠬᠡᠷᠡᠭᠯᠡᠳᠡᠭ᠃ | | ᠵ᠊ · ᠮᠠᠭᠰᠤᠷᠵᠠᠪ ᠰᠠᠶᠢᠨᠵᠢᠷᠭᠠᠯ ᠤᠨ ᠵᠣᠬᠢᠶᠠᠭᠰᠠᠨ ︽ ᠣᠷᠳᠣᠰ ᠵᠠᠩ ᠦᠢᠯᠡ ︾ ᠶᠢᠨ | 213 — 214 ᠳ᠋ᠦ᠋ᠭᠡᠷ ᠨᠢᠭᠤᠷ ᠠᠴᠠ ᠪᠠᠭᠤᠯᠭᠠᠪᠠ | | |