ᠢᠳᠡᠭᠡᠨ ᠤᠮᠳᠠᠭᠠᠨ ᠤ ᠵᠠᠩ ᠦᠢᠯᠡ ︵ᠲᠠᠪᠤ︶
ᠨᠡᠶᠢᠲᠡᠯᠡᠭᠰᠡᠨ ᠴᠠᠭ᠄
2025/5/16
      8. ᠪᠦᠯᠢᠭᠰᠡᠨ ᠠᠶᠢᠷᠠᠭ ᠪᠠ ᠴᠠᠭ᠎ᠠ᠄ ᠣᠷᠳᠣᠰ ᠲᠤ ᠴᠠᠭᠠᠨ ᠲᠤᠰᠤ ᠪᠠᠨ ᠬᠠᠮᠤᠷᠴᠤ ᠠᠪᠤᠭᠠᠳ ᠦᠯᠡᠳᠡᠭᠰᠡᠨ ᠢ ᠪᠦᠯᠢᠭᠰᠡᠨ ᠠᠶᠢᠷᠠᠭ ᠭᠡᠳᠡᠭ᠃ ᠪᠦᠯᠢᠭᠰᠡᠨ ᠠᠶᠢᠷᠠᠭ ᠢᠶᠠᠨ ᠲᠤᠭᠤᠭᠠᠨ ᠳᠤ ᠬᠢᠵᠤ ᠨᠢᠭᠡ ᠴᠠᠭ ᠤᠷᠴᠢᠮ ᠪᠤᠴᠠᠯᠭᠠᠭᠠᠳ ᠪᠠᠭ᠋ᠠᠨ ᠥᠳᠬᠡᠷᠡᠭᠦᠯᠦᠭᠰᠡᠨ ᠢ ᠴᠠᠭ᠎ᠠ ᠭᠡᠳᠡᠭ᠃      ᠴᠠᠭ᠎ᠠ ᠪᠤᠴᠠᠯᠵᠤ ᠳᠡᠪᠡᠷᠡᠭᠡᠳ ᠲᠤᠭᠤᠭᠠᠨ ᠤ ᠢᠷᠮᠡᠭ ᠲᠤ ᠨᠠᠭᠠᠯᠳᠤᠵᠤ ᠰᠠᠭᠤᠭᠰᠠᠨ ᠠᠭᠠᠷᠴᠠᠯᠢᠭ ᠡᠳ᠋ ᠢ ︽ᠢᠷᠮᠡᠭ︾ ᠭᠡᠳᠡᠭ᠃ ᠵᠠᠷᠢᠮ ᠬᠥᠮᠥᠨ ᠵᠦᠯᠭᠦᠵᠦ ᠠᠪᠤᠭᠠᠳ ᠢᠳᠡᠳᠡᠭ᠃ ᠰᠤᠯᠠᠬᠠᠨ ᠰᠢᠷ᠎ᠠ ᠤᠰᠤᠨ ᠠᠮᠲᠠᠲᠠᠢ᠃      ᠴᠠᠭ᠎ᠠ ᠶᠢ ᠱᠦᠯᠦ ᠲᠠᠢ ᠪᠤᠳᠠᠭᠠᠨ ᠳᠤ ᠪᠤᠶᠤ ᠮᠢᠬ᠎ᠠ ᠴᠢᠨᠠᠭᠰᠠᠨ ᠱᠥᠯᠥᠨ ᠳᠤ ᠲᠣᠬᠢᠷᠠᠮᠵᠢᠲᠠᠢ ᠬᠢᠪᠡᠯ ᠮᠢᠬᠠᠨ ᠱᠥᠯᠥᠨ ᠤ ᠬᠤᠷᠴᠠᠯᠢᠭ ᠱᠠᠩᠳᠠᠭᠤᠨ ᠢ ᠳᠠᠷᠤᠵᠤ᠂ ᠪᠤᠳᠠᠭᠠᠨ ᠤ ᠠᠮᠲᠠ ᠶᠢ ᠤᠯᠠᠮ ᠰᠤᠷᠭᠤᠭ ᠰᠠᠶᠢᠬᠠᠨ ᠪᠣᠯᠭᠠᠳᠠᠭ᠃ ᠴᠠᠭ᠎ᠠ ᠪᠠᠷ ᠪᠠᠰᠠ ᠠᠷᠠᠰᠤ ᠰᠢᠷᠢ ᠢᠳᠡᠭᠡᠯᠡᠵᠦ ᠪᠣᠯᠳᠠᠭ᠃ ᠬᠠᠯᠠᠭᠤᠨ ᠳᠡᠭᠡᠷ᠎ᠡ ᠨᠢ ᠰᠦ ᠬᠤᠯᠢᠭᠠᠳ ᠡᠭᠡᠳᠡᠮ ᠤᠤᠭᠤᠳᠠᠭ᠃ ᠬᠦᠷᠦᠭᠡᠭᠰᠡᠨ ᠤ ᠳᠠᠷᠠᠭ᠎ᠠ ᠰᠦ ᠬᠤᠯᠢᠭᠠᠳ ᠬᠤᠭᠤᠷᠮᠠᠭ ᠤᠤᠭᠤᠳᠠᠭ᠃ ᠰᠢᠬᠦᠪᠡᠯ ᠰᠢᠷ᠎ᠠ ᠤᠰᠤ ᠨᠢ ᠱᠦᠭᠦᠷᠡᠭᠡᠳ ᠠᠭᠠᠷᠴᠠ ᠪᠣᠯᠳᠠᠭ᠃ ᠰᠢᠭᠦᠮᠡᠯ ᠬᠤᠷᠤᠳ ᠬᠢᠬᠦ ᠰᠠᠶᠢᠨ ᠮᠠᠲ᠋ᠧᠷᠢᠶᠠᠯ ᠪᠢᠯᠡ᠃      9.ᠡᠭᠡᠳᠡᠮ᠄ ᠪᠤᠴᠠᠯᠤᠭᠰᠠᠨ ᠴᠠᠭ᠎ᠠ ᠳᠤ ᠰᠦ ᠬᠢᠬᠦ ᠳᠤ ᠳᠤᠤᠷ᠎ᠠ ᠪᠠᠨ ᠪᠥᠯᠦᠩᠨᠡᠵᠤ ᠰᠢᠷ᠎ᠠ ᠤᠰᠤᠨ ᠠᠴᠠ ᠭᠠᠷᠤᠭᠰᠠᠨ ᠥᠳᠬᠡᠨ ᠵᠦᠢᠯ ᠢ ᠡᠭᠡᠳᠡᠮ ᠭᠡᠨ᠎ᠡ᠃ ᠥᠪᠡᠷ ᠨᠢᠭᠡ ᠵᠦᠢᠯ ᠤᠨ ᠨᠤᠮᠤᠬᠠᠨ ᠪᠦᠯᠢᠶᠡᠨ ᠰᠠᠶᠢᠬᠠᠨ ᠠᠮᠲᠠᠲᠠᠢ᠂ ᠤᠮᠳᠠ ᠬᠠᠷᠢᠭᠤᠯᠬᠤ ᠰᠠᠶᠢᠨ ᠤᠮᠳᠠᠭᠠᠨ ᠪᠢᠯᠡ᠃                                          ᠵ᠊ · ᠮᠠᠭᠰᠤᠷᠵᠠᠪ   ᠰᠠᠶᠢᠨᠵᠢᠷᠭᠠᠯ ᠤᠨ ᠵᠣᠬᠢᠶᠠᠭᠰᠠᠨ ︽  ᠣᠷᠳᠣᠰ ᠵᠠᠩ ᠦᠢᠯᠡ ︾ ᠶᠢᠨ                                                                        215 ᠳ᠋ᠤᠭᠠᠷ ᠨᠢᠭᠤᠷ ᠠᠴᠠ ᠪᠠᠭᠤᠯᠭᠠᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ