ᠥᠮᠡᠬᠡᠶᠢᠨᠠᠭᠤᠷ ᠪᠠᠯᠭᠠᠰᠤ
ᠨᠡᠶᠢᠲᠡᠯᠡᠭᠰᠡᠨ ᠴᠠᠭ᠄
2018-06-06
               ᠥᠮᠡᠬᠡᠶᠢᠨᠠᠭᠤᠷ ᠪᠠᠯᠭᠠᠰᠤ      ᠦᠮᠡᠬᠡᠶᠢᠨᠠᠭᠤᠷ ᠪᠠᠯᠭᠠᠰᠤ 2005 ᠣᠨ ᠤ 10 ᠳ᠋ᠤᠭᠠᠷ ᠰᠠᠷ᠎ᠠ ᠳᠤ ᠤᠤᠯ ᠤᠨ ᠦᠮᠡᠬᠡᠶᠢᠨᠠᠭᠤᠷ ᠰᠢᠶᠠᠩ ᠪᠠ ᠱᠠ ᠵᠢᠩ ᠪᠠᠯᠭᠠᠰᠤ ︵2000 ᠣᠨ ᠳᠤ ᠪᠠᠶᠠᠨᠨᠠᠭᠤᠷ ᠰᠢᠶᠠᠩ ᠪᠣᠯᠤᠨ ᠵᠤᠰᠦ ᠰᠢᠶᠠᠩ ᠢ ᠨᠡᠶᠢᠯᠡᠭᠦᠯᠪᠡ︶ ᠢ ᠨᠡᠶᠢᠯᠡᠭᠦᠯᠦᠭᠡᠳ ᠪᠠᠶᠢᠭᠤᠯᠤᠭᠳᠠᠭᠰᠠᠨ ᠶᠤᠮ᠂ ᠠᠯᠪᠠᠨ ᠭᠠᠵᠠᠷ ᠢ ᠱᠠ ᠵᠢᠩ ᠳᠤ ᠭᠠᠷᠭᠠᠪᠠ᠃ ᠦᠮᠡᠬᠡᠶᠢᠨᠠᠭᠤᠷ ᠪᠠᠯᠭᠠᠰᠤ ᠣᠲᠤᠭ ᠤᠨ ᠵᠡᠭᠦᠨ ᠬᠡᠰᠡᠭ ᠲᠤ ᠪᠠᠶᠢᠷᠢᠰᠢᠵᠤ᠂ ᠬᠤᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠤᠯᠠᠭᠠᠨᠪᠠᠯᠭᠠᠰᠤᠨ ᠠᠴᠠ 60 ᠺᠢᠯᠤᠮᠧᠲᠷ ᠵᠠᠶᠢᠲᠠᠢ᠃ ᠵᠡᠭᠦᠨᠲᠡᠭᠦᠷ ᠢᠶᠠᠨ ᠬᠠᠩᠭᠢᠨ ᠬᠤᠰᠢᠭᠤᠨ ᠤ ᠰᠢᠨ᠎ᠡ ᠪᠠᠯᠭᠠᠰᠦ  ᠲᠠᠢ ᠰᠠᠪᠠᠯᠠᠵᠤ᠂ ᠡᠮᠦᠨᠡᠭᠦᠷ ᠢᠶᠠᠨ ᠦᠦᠰᠢᠨ ᠬᠤᠰᠢᠭᠤ ᠲᠠᠢ ᠵᠠᠯᠭᠠᠯᠳᠤᠨ᠂ ᠣᠲᠤᠭ ᠬᠤᠰᠢᠭᠤᠨ ᠤ ︽ᠵᠡᠭᠦᠨ ᠡᠭᠦᠳᠡ︾ ᠪᠣᠯᠬᠤ ᠶᠤᠮ᠃ 1938 ᠣᠨ ᠳᠤ ᠲᠣᠭᠤᠷᠢᠮ ᠤᠨ ᠰᠠᠭᠤᠷᠢᠨ ᠭᠠᠵᠠᠷ ᠢ ᠪᠠᠶᠢᠭᠤᠯᠵᠤ᠂ ᠤᠷᠢᠳ ᠠᠴᠠ ᠪᠠᠨ ︽ᠬᠤᠪᠢᠰᠬᠠᠯ ᠤᠨ ᠰᠠᠭᠤᠷᠢᠨ ᠭᠠᠵᠠᠷ︾ ᠬᠡᠮᠡᠨ ᠨᠡᠷᠡᠶᠢᠳᠦᠭᠳᠡᠵᠦ ᠪᠠᠶᠢᠭᠰᠠᠨ ᠨᠡᠷᠡᠲᠡᠢ ᠬᠤᠪᠢᠰᠬᠠᠯ ᠤᠨ ᠬᠠᠭᠤᠴᠢᠨ ᠣᠷᠣᠨ ᠪᠣᠯᠣᠨ᠎ᠠ᠃ ᠦᠮᠡᠬᠡᠶᠢᠨᠠᠭᠤᠷ ᠪᠠᠯᠭᠠᠰᠤ ᠨᠢ ᠬᠢᠲᠠᠳ ᠦᠨᠳᠦᠰᠦᠲᠡᠨ ᠢᠶᠠᠷ ᠭᠤᠣᠯᠯᠠᠭᠤᠯᠵᠦ᠂ ᠮᠣᠩᠭᠤᠯ᠂ ᠬᠤᠲᠤᠩ᠂ ᠮᠠᠨᠵᠦ᠂ ᠮᠢᠶᠣᠣ ᠵᠡᠷᠭᠡ ᠴᠥᠭᠡᠨ ᠲᠣᠭᠠᠲᠤ ᠦᠨᠳᠦᠰᠦᠲᠡᠨ ᠴᠥᠭᠡᠨ ᠲᠤᠭ᠎ᠠ ᠶᠢ ᠡᠵᠡᠯᠡᠳᠡᠭ᠃ ᠪᠦᠬᠦ ᠪᠠᠯᠭᠠᠰᠤᠨ ᠤ ᠶᠡᠷᠦᠩᠬᠡᠢ ᠲᠠᠯᠠᠪᠠᠢ ᠨᠢ 2497 ᠲᠡᠭᠰᠢ ᠳᠥᠷᠪᠡᠯᠵᠢᠨ ᠺᠢᠯᠤᠮᠧᠲᠷ᠂ ᠡᠭᠦᠨ ᠳᠤ ᠠᠰᠢᠭᠯᠠᠵᠤ ᠪᠣᠯᠬᠤ ᠨᠤᠲᠤᠭ ᠪᠡᠯᠴᠢᠭᠡᠷ ᠤᠨ ᠲᠠᠯᠠᠪᠠᠢ 330 ᠭᠠᠷᠤᠢ ᠲᠦᠮᠡᠨ ᠮᠦ᠂ ᠲᠠᠷᠢᠶᠠᠨ ᠭᠠᠵᠠᠷ ᠤᠨ ᠲᠠᠯᠠᠪᠠᠢ 6.2 ᠲᠦᠮᠡᠨ ᠮᠦ᠃ ᠪᠦᠬᠦ ᠪᠠᠯᠭᠠᠰᠤᠨ ᠳᠤ 18 ᠭᠠᠴᠠᠭ᠎ᠠ ᠲᠣᠰᠬᠤᠨ ᠪᠠ 1 ᠨᠡᠶᠢᠭᠡᠮ ᠲᠣᠭᠤᠷᠢᠭ ︵ᠵᠢᠤᠢ ᠶᠧ ᠨᠡᠶᠢᠭᠡᠮ ᠲᠣᠭᠤᠷᠢᠭ︶ ᠲᠠᠢ᠂ ᠡᠭᠦᠨ ᠳᠤ 13 ᠭᠠᠴᠠᠭ᠎ᠠ ᠲᠣᠰᠬᠤᠨ ︵ᠤᠰᠤᠨᠴᠢᠷᠭ᠎ᠠ᠂ ᠶᠡᠭᠡ ᠬᠥᠭᠡᠪᠦᠷ᠂ ᠵᠠᠳᠠᠭᠠᠢ᠂ ᠲᠠᠪᠢᠨ ᠰᠦᠮ᠎ᠡ᠂ ᠤᠯᠠᠭᠠᠨᠬᠠᠳᠠ᠂ ᠲᠣᠭᠤᠷᠢᠮ᠂ ᠦᠮᠡᠬᠡᠶᠢᠨᠠᠭᠤᠷ᠂ ᠰᠡᠪᠬᠦᠯ᠂ ᠶᠡᠬᠡᠨ᠋ᠤᠰᠤ᠂ ᠴᠠᠭᠠᠬᠤᠪᠤᠭ᠎ᠠ᠂ ᠤᠯᠠᠭᠠᠨᠴᠢᠷᠭ᠎ᠠ᠂ ᠤᠯᠠᠭᠠᠨᠵᠢᠷᠢᠮ᠂ ᠪᠣᠯᠬᠤᠨᠠᠢ︶ ᠨᠢ ᠬᠥᠭᠵᠢᠭᠦᠯᠬᠦ ᠶᠢ ᠴᠠᠭᠠᠵᠠᠯᠠᠭᠰᠠᠨ ᠣᠷᠣᠨ ᠳᠤ ᠪᠠᠶᠢᠵᠦ᠂ 5 ᠭᠠᠴᠠᠭ᠎ᠠ ᠲᠣᠰᠬᠤᠨ ︵ᠮᠠᠶᠢᠯ ᠪᠤᠯᠠᠭ᠂ ᠪᠠᠶᠠᠨᠨᠠᠭᠤᠷ᠂ ᠢᠬᠡᠷ᠎ᠡ᠂ ᠵᠣᠰᠣ᠂ ᠲᠠᠯᠠᠨᠲᠦ᠋ᠷᠦᠭᠦᠦ︶ ᠨᠢ ᠬᠥᠭᠵᠢᠭᠦᠯᠬᠦ ᠶᠢ ᠬᠢᠵᠠᠭᠠᠷᠯᠠᠭᠰᠠᠨ ᠣᠷᠣᠨ ᠳᠤ ᠪᠣᠢ᠃ ᠳᠠᠩᠰᠠᠨ ᠳᠤ ᠪᠠᠶᠢᠭ᠎ᠠ ᠡᠷᠦᠬᠡ 7400 ᠭᠠᠷᠤᠢ᠂ 18200 ᠬᠥᠮᠦᠨ᠂ ᠪᠠᠶᠢᠩᠭᠤ ᠰᠠᠭᠤᠭ᠎ᠠ ᠡᠷᠦᠬᠡ 3300 ᠭᠠᠷᠤᠢ᠂ 7900 ᠬᠥᠮᠦᠨ ᠪᠠᠶᠢᠨ᠎ᠠ᠃ ᠪᠦᠬᠦ ᠪᠠᠯᠭᠠᠰᠦ ᠮᠠᠯ ᠠᠵᠦ ᠠᠬᠤᠢ ᠪᠠᠷ ᠭᠤᠣᠯᠯᠠᠭᠤᠯᠵᠦ᠂ ᠨᠡᠶᠢᠲᠡ 18.4 ᠲᠦᠮᠡᠨ ᠮᠠᠯ ᠲᠠᠢ᠃ 2012 ᠣᠨ ᠤ ᠡᠴᠦᠰ ᠪᠣᠯᠲᠠᠯ᠎ᠠ᠂ ᠪᠦᠬᠦ ᠪᠠᠯᠭᠠᠰᠤᠨ ᠤ ᠪᠡᠯᠴᠢᠭᠡᠷᠯᠡᠭᠦᠯᠬᠦ ᠪᠠᠨ ᠵᠣᠭᠰᠣᠭᠠᠵᠤ ᠡᠪᠡᠰᠦ ᠲᠠᠷᠢᠭᠰᠠᠨ ᠲᠠᠯᠠᠪᠠᠢ 127.4 ᠲᠦᠮᠡᠨ ᠮᠦ᠂ ᠲᠠᠷᠢᠶᠠᠯᠠᠬᠤ ᠪᠠᠨ ᠵᠣᠭᠰᠣᠭᠠᠵᠤ ᠮᠣᠳᠣ ᠲᠠᠷᠢᠭᠰᠠᠨ ᠲᠠᠯᠠᠪᠠᠢ 18 ᠲᠦᠮᠡᠨ ᠮᠦ᠂ ᠪᠡᠯᠴᠢᠭᠡᠷ ᠤᠨ ᠴᠢᠨᠠᠷ ᠢ ᠰᠠᠶᠢᠵᠢᠷᠠᠭᠤᠯᠤᠭᠰᠠᠨ ᠲᠠᠯᠠᠪᠠᠢ 39 ᠲᠦᠮᠡᠨ ᠮᠦ ᠬᠦᠷᠪᠡ᠃ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠨᠠᠰᠤᠵᠢᠯ ᠤᠨ ᠳᠠᠭᠠᠳᠬᠠᠯ ᠳᠤ ᠣᠷᠣᠭᠰᠠᠨ ᠨᠣᠷᠮ᠎ᠠ 95% ᠬᠦᠷᠴᠦ᠂ ᠬᠤᠷᠰᠢᠭᠰᠠᠨ ᠡᠮᠨᠡᠭᠡ ᠶᠢᠨ ᠳᠠᠭᠠᠳᠬᠠᠯ ᠳᠤ ᠣᠷᠣᠭᠰᠠᠨ ᠨᠣᠷᠮ᠎ᠠ 95% ᠪᠣᠯᠪᠠ᠃ 2012 ᠣᠨ ᠤ ᠮᠠᠯᠴᠢᠨ ᠲᠠᠷᠢᠶᠠᠴᠢᠳ ᠤᠨ ᠬᠥᠮᠥᠨ ᠳᠣᠳᠥᠮ ᠤᠨ ᠴᠡᠪᠡᠷ ᠣᠷᠣᠯᠭ᠎ᠠ 9800 ᠲᠥᠭᠦᠷᠢᠭ ᠬᠦᠷᠴᠡᠢ᠃
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号