︽︿ᠮᠤᠩᠭᠤᠯ ᠤᠨ ᠨᠢᠭᠤᠴᠠ ᠲᠤᠪᠴᠢᠶᠠᠨ﹀ ᠤ ᠴᠤᠬᠯᠠᠭᠤᠯᠭ᠎ᠠ ᠲᠤᠯᠢᠯᠠᠭᠤᠯᠭ᠎ᠠ︾ ᠨᠤᠮ ᠬᠡᠪᠯᠡᠭᠳᠡᠨ ᠤᠩᠰᠢᠬᠴᠢᠳ ᠲᠠᠢ ᠵᠤᠯᠭᠠᠯ᠎ᠠ
ᠨᠡᠶᠢᠲᠡᠯᠡᠭᠰᠡᠨ ᠴᠠᠭ᠄
2018-08-14
               ︽︿ᠮᠤᠩᠭᠤᠯ ᠤᠨ ᠨᠢᠭᠤᠴᠠ ᠲᠤᠪᠴᠢᠶᠠᠨ﹀ ᠤ ᠴᠤᠬᠯᠠᠭᠤᠯᠭ᠎ᠠ ᠲᠤᠯᠢᠯᠠᠭᠤᠯᠭ᠎ᠠ︾                ᠨᠤᠮ ᠬᠡᠪᠯᠡᠭᠳᠡᠨ ᠤᠩᠰᠢᠬᠴᠢᠳ ᠲᠠᠢ ᠵᠤᠯᠭᠠᠯ᠎ᠠ      ᠲᠦᠷᠦᠬᠦᠬᠡᠨ᠂ ᠲᠡᠯᠡᠬᠡᠢ ᠶᠢᠨ 34 ᠤᠯᠤᠰ ᠪᠠ ᠭᠠᠵᠠᠷ ᠤᠷᠤᠨ ᠳᠤ ᠬᠡᠪᠯᠡᠭᠳᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠤ ᠪᠠᠶᠢᠳᠠᠯ ᠢ ᠲᠠᠨᠢᠯᠴᠠᠭᠤᠯᠤᠭᠰᠠᠨ ︽︿ᠮᠤᠩᠭᠤᠯ ᠤᠨ ᠨᠢᠭᠤᠴᠠ ᠲᠤᠪᠴᠢᠶᠠᠨ﹀ ᠤ ᠴᠤᠬᠯᠠᠭᠤᠯᠭ᠎ᠠ ᠲᠤᠯᠢᠯᠠᠭᠤᠯᠭ᠎ᠠ︾ ᠨᠤᠮ ᠬᠡᠪᠯᠡᠭᠳᠡᠨ ᠤᠩᠰᠢᠬᠴᠢᠳ ᠲᠠᠢ ᠵᠤᠯᠭᠠᠯ᠎ᠠ᠃      ᠲᠡᠯᠡᠬᠡᠢ ᠲᠠᠶᠠᠭᠠᠷ ᠲᠤ ᠮᠤᠩᠭᠤᠯ ᠲᠤᠯᠭᠠᠳᠠᠨ ᠤ ᠰᠦᠷ ᠬᠦᠴᠦᠨ ᠢ ᠲᠤᠩᠬᠠᠬᠯᠠᠵᠤ᠂ ᠠᠯᠳᠠᠷ ᠨᠡᠷ᠎ᠡ ᠨᠢ ᠲᠡᠯᠡᠬᠡᠢ ᠳ᠋ᠡᠬᠢᠨ᠎ᠠ ᠲᠠᠭᠤᠷᠢᠰᠤᠬᠰᠠᠨ ᠶᠡᠭᠡ ᠡᠵᠡᠨ ᠴᠢᠩᠬᠢᠰ ᠬᠠᠭᠠᠨ ᠤ ᠲᠡᠦᠬᠡ ᠨᠡᠮᠳᠡᠷ ᠢ ᠲᠡᠮᠳᠡᠭᠯᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠤᠯᠠᠨ ᠵᠦᠢᠯ ᠤᠨ ᠬᠠᠷᠢ ᠬᠡᠯᠡᠨ ᠳᠤ ᠤᠷᠴᠢᠭᠤᠯᠤᠬᠳᠠᠨ ᠤᠯᠠᠨ ᠲᠠᠬᠢᠨ ᠬᠡᠪᠯᠡᠭᠳᠡᠵᠤ ᠢᠷᠡᠭᠰᠡᠨ ᠶᠤᠮ᠃ ᠴᠢᠨᠦᠰ ᠴᠤᠬᠳᠤᠨᠠᠷᠠᠨ ᠭᠤᠸᠠᠢ ᠶᠢᠨ ᠴᠤᠬᠯᠠᠭᠤᠯᠤᠨ ᠬᠤᠷᠢᠶᠠᠬᠰᠨᠨ ︽ᠮᠤᠩᠭᠤᠯ ᠤᠨ ᠨᠢᠭᠤᠴᠠ ᠲᠤᠪᠴᠢᠶᠠᠨ︾ ᠤᠳᠤ 30 ᠭᠠᠷᠤᠢ ᠤᠯᠤᠰ ᠤᠷᠤᠨ ᠤ ᠬᠤᠷᠢᠭᠠᠳ ᠬᠡᠯᠡᠨ ᠤ᠂ 800 ᠭᠠᠷᠤᠢ ᠬᠡᠪᠯᠡᠯ ᠤᠨ 1000 ᠭᠠᠷᠤᠢ ᠲᠡᠪᠳᠡᠷ ᠲᠤ ᠬᠦᠷᠴᠡᠢ᠃ ᠲᠡᠷᠡᠪᠠᠷ᠂ ᠤᠯᠠᠨ ᠵᠢᠯ ᠤᠨ ᠲᠤᠷᠰᠢ ᠴᠤᠬᠯᠠᠭᠤᠯᠤᠨ ᠬᠤᠷᠢᠶᠠᠬᠰᠠᠨ ᠴᠤᠬᠯᠠᠭᠤᠯᠭ᠎ᠠ ᠪᠠᠨ ᠤᠯᠠᠨ ᠤ ᠬᠦᠷᠳᠡᠬᠡᠯ ᠪᠤᠯᠭᠠᠵᠤ᠂ ᠤᠬᠰᠠᠭ᠎ᠠ ᠦᠨᠳᠦᠰᠦᠳᠡᠨ ᠤ ᠪᠠᠨ ᠪᠠᠭ᠋ᠠᠷᠬᠠᠯ ᠳᠤ ᠬᠡᠷᠡᠯ ᠬᠡᠬᠡ ᠨᠡᠮᠡᠷᠢᠯᠡᠬᠦ ᠬᠦᠰᠡᠯ ᠪᠤᠳᠤᠯ ᠢᠶᠠᠷ ᠬᠠᠷᠢ᠂ ᠦᠪᠡᠷ ᠤᠨ ᠬᠡᠯᠡ ᠪᠠᠷ ᠬᠡᠪᠯᠡᠭᠳᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠤ ᠪᠠᠷ ᠬᠡᠪᠯᠡᠯ ᠪᠠ ᠬᠤᠯᠪᠤᠬᠳᠠᠬᠤ ᠬᠤᠪᠤᠷ ᠴᠢᠬᠤᠯᠠ ᠮᠠᠲ᠋ᠧᠷᠢᠶᠠᠯ ᠢ ᠨᠢᠭᠡᠳᠬᠡᠨ ᠲᠠᠨᠢᠯᠴᠠᠭᠤᠯᠤᠬᠰᠠᠨ ︽︿ᠮᠤᠩᠭᠤᠯ ᠤᠨ ᠨᠢᠭᠤᠴᠠ ᠲᠤᠪᠴᠢᠶᠠᠨ﹀ ᠤ ᠴᠤᠬᠯᠠᠭᠤᠯᠭ᠎ᠠ ᠲᠤᠯᠢᠯᠠᠭᠤᠯᠭ᠎ᠠ︾ ᠬᠡᠮᠡᠬᠦ ᠤᠭ ᠪᠦᠳᠦᠬᠡᠯ ᠢᠶᠠᠨ ᠬᠡᠪᠯᠡᠬᠦᠯᠦᠭᠰᠡᠨ ᠶᠤᠮ᠃      ᠲᠤᠰ ᠨᠤᠮ ᠳᠠᠭᠠᠨ᠂ ᠬᠠᠷᠢ ᠦᠨᠳᠦᠰᠦᠳᠡᠨ ᠪᠠ ᠮᠤᠩᠭᠤᠯ ᠦᠨᠳᠦᠰᠦᠳᠡᠨ ᠤ ᠡᠷᠳᠡᠮᠳᠡᠨ ᠮᠡᠷᠭᠡᠳ ᠤᠨ ︽ᠮᠤᠩᠭᠤᠯ ᠤᠨ ᠨᠢᠭᠤᠴᠠ ᠲᠤᠪᠴᠢᠶᠠᠨ︾ ᠳᠤ ᠠᠩᠬᠠᠷᠤᠯ ᠢᠶᠠᠨ ᠠᠯᠢ ᠬᠢᠷᠢ ᠬᠠᠨᠳᠤᠭᠤᠯᠵᠤ ᠢᠷᠡᠭᠰᠡᠨ ᠲᠦᠢᠮᠤ ᠪᠠᠶᠢᠳᠠᠯ ᠢ ᠲᠤᠰᠬᠠᠨ ᠬᠠᠷᠠᠭᠤᠯᠬᠤ ᠶᠢ ᠬᠢᠴᠢᠶᠡᠭᠰᠡᠨ ᠤ ᠲᠠᠭᠠᠤ᠂ ᠮᠤᠩᠭᠤᠯ ᠤᠨ ᠦᠨᠳᠦᠷᠯᠢᠭ ᠤᠨ ᠨᠡᠬᠦᠳᠡᠯᠴᠢᠨ ᠲᠦᠮᠡᠨ ᠤ ᠲᠡᠦᠬᠡ᠂ ᠬᠡᠯᠡ᠂ ᠤᠳᠬ᠎ᠠ ᠵᠤᠬᠢᠶᠠᠯ᠂ ᠨᠡᠶᠢᠬᠡᠮ᠂ ᠵᠦᠢ᠂ ᠬᠦᠮᠦᠨ ᠰᠤᠳᠤᠯᠤᠯ᠂ ᠤᠯᠤᠰ ᠲᠦᠷᠦ᠂ ᠠᠷᠠᠯᠵᠢᠶ᠎ᠠ ᠬᠤᠳᠠᠯᠳᠤᠭ᠎ᠠ᠂ ᠴᠡᠷᠢᠭ ᠤᠨ ᠶᠠᠪᠤᠳᠠᠯ᠂ ᠬᠦᠨ ᠤᠬᠠᠭᠠᠨ᠂ ᠠᠨᠠᠭᠠᠬᠤ ᠤᠬᠠᠭᠠᠨ ᠵᠡᠷᠬᠡ ᠳᠤ ᠬᠤᠯᠪᠤᠬᠳᠠᠬᠤ ᠠᠰᠠᠭᠤᠳᠠᠯ ᠢ ᠨᠠᠷᠢᠪᠴᠢᠯᠠᠨ ᠰᠤᠳᠤᠯᠬᠤ ᠳᠤ ᠬᠤᠪᠤᠷ ᠨᠠᠨᠳᠢᠨ ᠮᠠᠲ᠋ᠧᠷᠢᠶᠠᠯ ᠬᠠᠩᠭᠠᠬᠰᠠᠨ ︽ᠮᠤᠩᠭᠤᠯ ᠤᠨ ᠨᠢᠭᠤᠴᠠ ᠲᠤᠪᠴᠢᠶᠠᠨ︾ ᠢ ᠡᠷᠳᠡᠮᠳᠡᠨ ᠮᠡᠷᠭᠡᠳ ᠠᠴᠠ ᠶᠠᠮᠠᠷ ᠲᠦᠪᠰᠢᠨ ᠳᠤ ᠶᠠᠭᠠᠬᠢᠵᠤ ᠰᠤᠳᠤᠯᠵᠠᠭᠠᠬᠰᠠᠨ ᠲᠤᠬᠠᠢ ᠲᠠᠨᠢᠯᠴᠠᠭᠤᠯᠤᠬᠰᠠᠨ ᠪᠠᠶᠢᠨ᠎ᠠ᠃                            ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠰᠦᠯᠵᠢᠶ᠎ᠠ                            ᠪᠡᠯᠡᠳᠭᠡᠭᠰᠡᠨ ᠨᠢ᠄ ᠪᠣᠯᠣᠷᠴᠡᠴᠡᠭ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号