︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠣᠡᠭᠭᠢᠨᠭ ᠴᠢᠩᠰᠠᠩ︾ ᠭᠡᠳᠡᠭ ᠨᠡᠷ᠎ᠠ ᠶᠢᠨ  ᠳᠣᠬᠠᠢ
ᠨᠡᠶᠢᠲᠡᠯᠡᠭᠰᠡᠨ ᠴᠠᠭ᠄
2018-08-17
                ︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠣᠡᠭᠭᠢᠨᠭ ᠴᠢᠩᠰᠠᠩ︾                 ᠭᠡᠳᠡᠭ ᠨᠡᠷ᠎ᠠ ᠶᠢᠨ ᠳᠣᠬᠠᠢ                                                                                                                                            — ᠪᠡᠯᠡᠭ ᠤᠨ ᠴᠡᠪᠡᠭ                              ᠠᠭᠤᠯᠭ᠎ᠠ ᠶᠢᠨ ᠲᠣᠪᠴᠢ            ᠨᠢᠭᠡ᠂ ︽ᠣᠩᠬᠢᠩ ᠴᠢᠩᠰᠠᠩ︾ ᠭᠡᠳᠡᠭ ᠦᠭᠡ ᠶᠢᠨ ︽王︾ ᠭᠡᠳᠡᠭ ᠢ ᠤᠷᠴᠢᠨ ᠴᠠᠭ ᠤᠨ ᠮᠤᠩᠭᠤᠯ ᠬᠡᠯᠡᠨ ᠳᠤ ︽ᠤᠩ︾ ᠭᠡᠵᠤ ᠪᠢᠴᠢᠵᠤ ᠪᠠᠭᠤᠯᠭᠠᠬᠤ ᠨᠢ ᠵᠦᠪ ᠠᠵᠠᠢ᠃        ᠬᠤᠶᠠᠷ᠂ ᠲᠤᠰ ᠦᠭᠡ ᠨᠢ ᠲᠦᠷᠦᠭ ᠭᠠᠷᠤᠯᠲᠠᠢ ᠦᠭᠡ ᠪᠥᠭᠡᠳ ᠤᠳᠬ᠎ᠠ ᠨᠢ ︽ᠪᠠᠷᠠᠭᠤᠨ︾ ᠭᠡᠰᠡᠨ ᠦᠭᠡ ᠪᠤᠯᠤᠨ᠎ᠠ᠃              ᠭᠤᠷᠪᠠ᠂ ︽ᠣᠩᠬᠢᠩ ᠴᠢᠩᠰᠠᠩ︾ ᠭᠡᠳᠡᠭ ᠨᠢ ︽ᠪᠠᠷᠠᠭᠤᠨ ᠭᠠᠷ ᠤᠨ ᠴᠢᠩᠰᠠᠩ︾ ᠭᠡᠰᠡᠨ ᠤᠳᠬᠠᠲᠠᠢ ᠦᠭᠡ ᠪᠤᠯᠤᠨ᠎ᠠ᠃                ︽ᠮᠤᠩᠭᠤᠯ ᠤᠨ ᠨᠢᠭᠤᠴᠠ ᠲᠤᠪᠴᠢᠶᠠᠨ︾ ︵ᠳᠤᠤᠷ᠎ᠠ ︽ᠲᠤᠪᠴᠢᠶᠠᠨ︾ ᠭᠡᠵᠤ ᠳᠦᠭᠦᠮᠴᠢᠯᠡᠶ᠎ᠡ︶ ᠤ 132᠂ 133᠂ 134᠂ 135 — ᠳ᠋ᠤᠭᠠᠷ ᠵᠦᠢᠯ ᠳᠤ ᠪᠠ 248 — ᠳ᠋ᠤᠭᠠᠷ ᠵᠦᠢᠯ ᠳᠤ ︽ᠤᠩᠬᠢᠩ ᠴᠢᠩᠰᠠᠩ︾ ᠭᠡᠳᠡᠭ ᠨᠢᠭᠡ ᠬᠦᠮᠦᠨ ᠤ ᠨᠡᠷ᠎ᠡ 12 ᠤᠳᠠᠭ᠎ᠠ ᠭᠠᠷᠳᠠᠭ᠂ ᠡᠭᠦᠨ ᠢ ᠬᠢᠲᠠᠳ ᠭᠠᠯᠢᠭᠯᠠᠯ ᠳᠤᠨᠢ ︽王京丞相︾ ᠭᠡᠵᠤ ᠪᠠᠭᠤᠯᠭᠠᠨ ᠬᠠᠵᠠᠭᠤ ᠶᠢᠨ ᠤᠷᠴᠢᠭᠤᠯᠭ᠎ᠠ ᠳᠤᠨᠢ ︿︿ᠬᠦᠮᠦᠨ ᠤ ᠨᠡᠷ᠎ᠡ﹀﹀ ᠭᠡᠵᠤ ᠪᠤᠢ᠂ ᠡᠨᠡᠬᠦ ᠨᠡᠷ᠎ᠡ ᠶᠢ ︽ᠳᠤᠪᠴᠢᠶᠠᠨ︾ ᠢ ᠰᠤᠳᠤᠯᠤᠭᠴᠢ ᠨᠠᠷ ᠠᠴᠠ ᠤᠷᠴᠢᠨ ᠴᠠᠭ ᠤᠨ ᠮᠤᠩᠭᠤᠯ ᠭᠡᠯᠠᠠ ᠳᠤ ᠪᠠᠭᠤᠯᠭᠠᠬᠤ  ᠳᠠᠭᠠᠨ ᠵᠠᠷᠢᠮ ᠨᠢ ︽ᠤᠩ ᠭᠢᠩ ᠴᠢᠩᠰᠠᠩ︾ ﹇1﹈ ᠭᠡᠵᠤ ᠪᠠᠭᠤᠯᠭᠠᠵᠤ᠂ ᠤᠯᠠᠩᠭᠢ ᠨᠢ ︽ᠸᠠᠩᠭᠢᠨᠭ᠌ ᠴᠢᠩᠰᠠᠩ︾ ︵ᠮᠠᠨᠰᠠᠩ   ﹇2﹈᠂ ᠬᠤᠸᠠᠰᠠᠢ᠂ ᠲᠣᠭᠠᠷᠵᠡᠪ ﹇3﹈᠂ ᠪᠠᠶᠠᠷ ﹇4﹈᠂ ᠲᠠ᠊᠂ ᠴᠡᠷᠡᠩᠰᠤᠳᠨᠠᠮ ﹇5﹈︶ ᠭᠡᠵᠦ ᠪᠠᠭᠤᠯᠭᠠᠵᠣ ᠲᠠᠶᠢᠯᠪᠣᠷᠢ ᠭᠢᠭᠰᠡᠨ ᠪᠠᠶᠢᠳᠠᠭ᠃ ᠬᠠᠷᠢᠨ ᠰᠠᠶᠢᠰᠢᠶᠠᠯ ᠭᠤᠸᠠᠢ ᠠᠴᠠ ︽ᠴᠢᠩᠭᠢᠰ ᠬᠠᠭᠠᠨ ᠤ ᠲᠣᠪᠴᠢᠶᠠᠨ︾ ᠭᠡᠭᠦ ᠨᠤᠮ ᠳᠠᠭᠠᠨ ᠡᠮᠦᠨᠠᠭᠢ ᠶᠢ ᠨᠢ ᠸᠠᠨᠬᠡᠨ ᠴᠢᠩᠰᠠᠩ ﹇6﹈ ᠭᠡᠵᠦ ᠬᠤᠶᠢᠨᠠᠭᠢ ᠶᠢ ᠨᠢ ᠸᠠᠩᠭᠡᠨ ᠴᠢᠩᠾᠤᠢ ︵ᠪᠠᠰᠠ ᠹᠦᠰᠢᠩ ᠭᠡᠳᠡᠭ︶ ᠭᠡᠵᠦ ᠣᠷᠴᠢᠨ ᠴᠠᠭ ᠤᠨ ᠮᠣᠩᠭᠤᠯ ᠭᠡᠯᠡᠨ ᠲᠡᠭᠡᠷ᠎ᠠ ᠪᠠᠭᠤᠯᠭᠠᠭᠰᠠᠨ ᠪᠢᠯᠨ ﹇7﹈᠃ ᠡᠨᠡᠭᠦ ᠨᠡᠷ᠎ᠠ ᠶᠢᠨ ᠡᠴᠣᠰ ᠤᠨ   ︽ᠴᠢᠩᠰᠠᠩ︾ ᠭᠡᠳᠡᠭ ᠨᠢ ᠠᠯᠳᠠᠨ ᠣᠯᠣᠰ ᠤᠨ ᠲᠦᠰᠢᠮᠡᠯ ᠤᠨ ᠭᠡᠷᠭᠡᠮ ᠵᠡᠷᠭᠡ ᠭᠡᠳᠡᠭ ᠢ ᠭᠦᠮᠣᠰ ᠮᠡᠳᠡᠭᠦ ᠪᠣᠯᠪᠠᠴᠣ ︽ᠣᠩᠬᠢᠩ︾ ᠪᠣᠶᠣ ︽ᠸᠠᠩᠭᠡᠩ︾ ᠭᠡᠳᠡᠭ ᠨᠡᠷ᠎ᠠ ᠨᠢ ᠶᠠᠮᠠᠷ ᠤᠳᠬ᠎ᠠ  ᠲᠠᠢ᠂ ᠠᠯᠢ ᠭᠡᠯᠠᠠ ᠤ ᠦᠭᠡ ᠪᠣᠯᠬᠤ ᠲᠣᠬᠠᠢ ᠳᠤᠲᠤᠷᠠᠬᠢ ᠲᠠᠶᠢᠯᠪᠣᠷᠢ ᠦᠭᠡᠢ᠃ ᠴᠥᠢᠵᠢ ᠶᠢᠨ ᠲᠤᠯᠭᠠᠨ ᠬᠠᠷᠢᠴᠠᠭᠤᠯᠵᠦ ᠲᠠᠶᠢᠯᠪᠦᠷᠢᠯᠠᠭᠰᠠᠨ ︿︿ᠠᠯᠳᠠᠨ ᠲᠤᠪᠴᠢ﹀﹀ ᠳᠤ ᠡᠨᠠ ᠨᠡᠷ᠎ᠠ 12 ᠤᠲᠠᠭ᠎ᠠ ᠭᠠᠷᠬᠤ ᠪᠥᠭᠡᠳ 2 ᠤᠳᠠᠭ᠎ᠠ ︿︿ᠤᠩᠭᠡᠩ﹀﹀ ᠭᠡᠵᠦ 10 ᠤᠳᠠᠭ᠎ᠠ ︿︿ᠤᠩ ᠭᠢᠩ﹀﹀ ﹇8﹈ ᠭᠡᠵᠦ ᠪᠢᠴᠢᠭᠳᠡᠵᠦ  ᠪᠤᠢ᠃ ︿︿ᠪᠤᠯᠤᠷ ᠡᠷᠢᠭᠡ﹀﹀ ᠳᠤ ᠠᠯᠳᠠᠨ ᠤᠯᠤᠰ ᠤᠨ ᠴᠢᠩᠰᠢᠶᠠᠩ ᠸᠠᠨᠶᠠᠨ ᠰᠢᠶᠠᠩ ᠪᠠ ᠸᠠᠨ ᠶᠠᠨ ᠴᠢᠩ ᠬᠤᠢ ᠭᠡᠵᠦ ᠪᠢᠴᠢᠵᠦ ᠪᠤᠢ ᠃ ᠡᠭᠦᠨ ᠢ ᠲᠤᠯᠭᠠᠨ ᠲᠠᠶᠢᠯᠪᠦᠷᠢᠯᠠᠭᠴᠢ ᠠᠴᠠ ᠡᠮᠦᠨᠠᠭᠢ ᠶᠢ ᠨᠢ ᠠᠯᠳᠠᠨ ᠤᠯᠤᠰ ᠤᠨ ᠵᠠᠩᠽᠦᠩ ᠬᠠᠭᠠᠨ ᠤ ᠦᠶ᠎ᠡ  ᠳᠠᠬᠢ ᠪᠠᠷᠠᠭᠤᠨ ᠭᠠᠷᠤᠨ ᠴᠢᠩᠰᠢᠶᠠᠩ ᠸᠠᠨ ᠶᠠᠨ ᠰᠢᠶᠠᠩ ᠪᠤᠶᠤ ᠭᠡᠵᠦ᠂ ᠬᠤᠶᠢᠨᠠᠭᠢ ᠶᠢ ᠨᠢ ︿︿ᠠᠯᠳᠠᠨ ᠤᠯᠤᠰ ᠤᠨ ᠲᠠᠤᠭᠡ﹀﹀ ᠳᠤ ᠪᠠᠶᠢᠬᠤ ᠸᠠᠨ ᠶᠠᠨ ᠹᠤ ᠰᠢᠩ(完颜福兴 ᠢ ᠵᠢᠭᠠᠵᠦ ᠪᠠᠶᠢᠮᠦᠢ᠂ ᠤᠩ ᠭᠢᠩ ᠭᠡᠵᠦ ᠪᠢᠴᠢᠳᠡᠭ ᠨᠢ ᠸᠠᠨ ᠶᠠᠨ ᠭᠡᠮᠡᠭᠦ ᠶᠢᠨ ᠬᠠᠯᠭᠤᠤ ᠳᠠᠭᠤᠳᠠᠯᠭ᠎ᠠ ᠠᠴᠠ ᠪᠤᠯᠤᠭᠰᠠᠨ ᠪᠢᠴᠢᠯᠭᠡ ᠪᠤᠶᠤ ﹇9﹈ ᠭᠡᠵᠤ ᠦᠵᠡᠵᠦ ᠪᠢᠯᠠ᠃ ᠶᠡᠭᠡ ᠡᠷᠳᠡᠮᠳᠡᠨ ᠶᠡᠭᠡᠮᠢᠩᠭᠠᠳᠠᠢ ᠢᠷᠢᠨᠴᠢᠨ ︽ᠮᠤᠩᠭᠤᠯ ᠤᠨ ᠨᠢᠭᠤᠴᠠ ᠲᠤᠪᠴᠢᠶᠠᠨ︾ ᠤ ᠥᠢᠭᠤᠷᠵᠢᠨ ᠮᠤᠩᠭᠤᠯ ᠦᠰᠦᠭ ᠤᠨ ᠰᠡᠷᠭᠦᠭᠡᠯᠳᠠ ᠳᠡᠭᠡᠨ ᠡᠮᠦᠨᠡᠭᠢ ᠬᠤᠶᠢᠨᠡᠭᠢ ᠬᠤᠶᠠᠭᠤᠯᠠ ᠶᠢ ᠨᠢ ︽ ︾ ᠭᠡᠵᠦ᠂ ᠡᠮᠦᠨᠡᠭᠢ ᠶᠢ ᠨᠢ ︽ᠤᠩᠭᠢᠩ ᠴᠢᠩᠰᠠᠩ᠃王京丞相᠃完颜᠂ ᠵᠥᠷᠴᠢᠳ ᠤᠪᠤᠭ᠃ ᠴᠢᠩᠰᠠᠩ᠄ ᠨᠤᠶᠠᠨ ᠴᠤᠯᠠ᠃ ᠡᠨᠠ ᠨᠢ右丞相完颜襄 ᠢ ᠭᠡᠯᠡᠵᠦ ᠪᠠᠶᠢᠨ᠎ᠠ᠃金史᠂ ᠬ᠊᠂二0八八᠂二0八九᠂亲征录 ᠵᠡᠷᠭᠡ ᠪᠢᠴᠢᠭ ᠲᠤ ᠯᠠᠪᠯᠠᠮᠤ︾ ᠭᠡᠵᠣ᠂ ᠲᠠᠷᠠᠭᠠᠴᠢ ᠨᠢ ᠭᠠᠷᠳᠠᠭ ︽ᠤᠩᠭᠢᠩ ᠴᠢᠩᠰᠠᠩ︾ ᠢ ︽ᠨᠠᠺᠠ᠂ ᠬ᠊᠂ 439᠄  ᠡᠨᠠ ᠤᠩᠭᠢᠩ ᠴᠢᠩᠰᠠᠩ=完颜承晖᠂ ᠤᠭ ᠨᠡᠷ᠎ᠠ ᠨᠢ福兴︾ ᠭᠡᠵᠣ ᠲᠠᠶᠢᠯᠪᠦᠷᠢᠯᠠᠵᠠᠢ ﹇10﹈᠃            ᠡᠨᠡᠭᠦ ︽ᠲᠣᠪᠴᠢᠶᠠᠨ︾ ᠳᠤ ᠭᠠᠷᠳᠠᠭ ᠨᠠᠷ᠎ᠠ ᠦᠭᠡ ᠶᠢ ︽ᠲᠣᠪᠴᠢᠶᠠᠨ︾ ᠤ ᠰᠣᠳᠣᠯᠣᠭᠴᠢ ᠲᠡᠤᠭᠡᠴᠢ ᠨᠠᠷ ᠠᠴᠠ ᠡᠮᠤᠨᠡᠭᠢ 133᠂ 134᠂ 135 — ᠳ᠋ᠤᠭᠠᠷ ᠵᠦᠢᠯ ᠳᠤ ᠭᠠᠷᠳᠠᠭ ᠭᠦᠮᠣᠨ ᠪᠤᠯ ᠠᠯᠳᠠᠨ ᠣᠯᠣᠰ ᠤᠨ ᠵᠠᠩᠽᠤᠩ ᠬᠠᠭᠠᠨ ᠤ ᠦᠶ᠎ᠠ ᠳᠠᠬᠢ ᠪᠠᠷᠠᠭᠤᠨ ᠭᠠᠷ ᠤᠨ ᠴᠢᠩᠰᠢᠶᠠᠩ ᠲᠦᠰᠢᠮᠡᠯ ᠪᠠᠶᠢᠭᠰᠠᠨ ᠸᠠᠨ ᠶᠠᠨ ᠰᠢᠶᠠᠩ ᠪᠣᠯᠬᠤ ᠶᠢ ᠰᠣᠳᠣᠯᠣᠨ ᠲᠣᠳᠣᠷᠬᠠᠶᠢᠯᠠᠵᠠᠢ᠃ ᠰᠡᠭᠦᠯ ᠤᠨ 248 — ᠳ᠋ᠤᠭᠠᠷ ᠵᠣᠶᠢᠯ ᠳᠤ ᠭᠠᠷᠳᠠᠭ ︽ᠣᠩᠬᠢᠩ ᠴᠢᠩᠰᠠᠩ︾ ᠭᠡᠳᠡᠭ ᠨᠢ ᠸᠠᠨ ᠶᠠᠨ ᠰᠢᠶᠠᠩ ᠠᠴᠠ ᠦᠭᠡᠷ᠎ᠠ ᠭᠦᠮᠣᠨ ᠪᠣᠯᠬᠤ ᠪᠦᠭᠡᠳ ᠨᠠᠷ᠎ᠠ ᠨᠢ ᠸᠠᠨ ᠶᠠᠨ ᠹᠦ᠋ ᠰᠢᠩ ᠪᠣᠯᠠᠢ ᠭᠡᠵᠠᠢ ﹇11﹈᠃ ᠦᠨᠡᠷᠳᠡᠭᠡᠨ ᠴᠣ᠋ ᠦᠭᠡᠷ᠎ᠠ ᠦᠭᠡᠷ᠎ᠠ ᠬᠤᠶᠠᠷ ᠭᠦᠮᠣᠨ ᠭᠡᠳᠡᠭ ᠢ ᠲᠡᠤᠭᠡᠳᠣ ᠦᠢᠯᠨ ᠶᠠᠪᠣᠳᠠᠯ ᠪᠣᠯᠣᠨ ᠴᠠᠭ ᠦᠶ᠎ᠠ ᠠᠴᠠ ᠨᠢ ᠮᠠᠳᠠᠵᠣ ᠪᠣᠯᠣᠨ᠎ᠠ᠃ ᠭᠡᠳᠠᠯ᠎ᠠ ᠶᠠᠭᠤᠨ ᠳᠤ ᠠᠳᠠᠯᠢ ᠪᠤᠰᠤ ᠤᠨ ᠵᠢᠯ ᠳᠤ᠂ ᠠᠳᠠᠯᠢ ᠪᠤᠰᠤ ᠦᠢᠯᠠ ᠶᠠᠪᠤᠳᠠᠯ ᠲᠠᠢ ᠬᠤᠶᠠᠷ ᠭᠦᠮᠦᠨ ᠢ ᠶᠠᠭᠤᠨ ᠳᠤ ᠨᠢᠭᠡᠨ ᠠᠳᠠᠯᠢ ᠨᠠᠷ᠎ᠠ ᠴᠣᠯᠨ ᠪᠠᠷ ᠨᠡᠷᠡᠯᠡᠭᠰᠠᠨ ᠪᠣᠢ︖ ᠡᠨᠡᠭᠦ ᠦᠭᠡ ᠶᠢ ᠣᠷᠴᠢᠨ ᠴᠠᠭ ᠤᠨ ᠮᠣᠩᠭᠤᠯ ᠭᠡᠯᠡᠨ ᠳᠤ ᠶᠠᠭᠠᠭᠢᠵᠣ ᠪᠢᠴᠢᠵᠣ ᠪᠠᠭᠤᠯᠭᠠᠬᠤ ᠪᠣᠢ︖ ᠶᠠᠭᠤ ᠭᠡᠰᠡᠨ ᠤᠳᠬ᠎ᠠ ᠲᠠᠢ ᠦᠭᠡ ᠪᠣᠢ︖ ᠡᠭᠦᠨ ᠢ ᠨᠠᠷᠢᠪᠴᠢᠯᠠᠨ ᠰᠣᠳᠣᠯᠵᠣ ᠦᠵᠡᠪᠡᠯ ᠪᠣᠯᠬᠤ ᠭᠡᠷᠡᠭ ᠪᠢᠵᠡ᠃ ᠶᠠᠭᠤ ᠭᠡᠵᠤ ᠤᠩᠰᠢᠵᠤ ᠪᠠᠭᠤᠯᠭᠠᠬᠤ ᠭᠡᠪᠡᠯ᠂ ︽ᠲᠤᠪᠴᠢᠶᠠᠨ︾ ᠳᠤ ᠤ᠂ ᠦ ᠦᠰᠦᠭ ᠢᠶᠠᠷ ᠡᠬᠢᠯᠡᠭᠰᠡᠨ ᠤᠩᠵᠠᠯᠳᠤᠵᠦ ︵汪札勒荅周︶᠂ ᠤᠩᠭᠤᠳᠤᠨ ︵汪古敦︶᠂ ᠥᠩᠭᠡ ︵汪格︶ ᠵᠡᠷᠭᠡ ᠦᠭᠡᠰ ᠢ 汪 ᠦᠰᠦᠭ ᠢᠶᠠᠷ ᠪᠠᠭᠤᠯᠭᠠᠵᠤ᠂ ᠬᠠᠷᠢᠨ ᠲᠤᠭᠤᠷᠢᠯ ᠬᠠᠨ ᠳᠤ ︿︿ᠤᠩ ᠬᠠᠨ﹀﹀ ᠭᠡᠵᠦ ᠥᠭᠭᠦᠭᠰᠡᠨ ᠨᠡᠷ᠎ᠠ ︿︿ᠤᠩ﹀﹀ ᠢ ︿︿王﹀﹀ ᠪᠠ ᠡᠨᠡᠬᠦ ᠴᠢᠩᠰᠢᠶᠠᠩ ᠤᠨ ᠨᠡᠷ᠎ᠡ ᠶᠢᠨ ︿︿ᠤᠩᠬᠢᠩ﹀﹀ ᠢ ︿︿王京﹀﹀ ᠭᠡᠵᠤ ᠪᠠᠭᠤᠯᠭᠠᠭᠰᠠᠨ ᠨᠢ ︽ᠲᠤᠪᠴᠢᠶᠠᠨ︾ ᠳᠠᠬᠢ ᠦᠰᠦᠭ ︿︿汪,王﹀﹀ ᠢ ︿︿ᠤᠩ᠂ ᠦᠩ﹀﹀ ᠭᠡᠵᠤ ᠤᠩᠰᠢᠬᠤ ᠨᠢ ᠵᠦᠪ ᠭᠡᠳᠡᠭ ᠢ ᠡᠷᠳᠡᠮᠲᠡᠨ ᠮᠡᠷᠭᠡᠳ ᠮᠡᠳᠡᠳᠡᠭ᠃ ᠮᠥᠨ ᠴᠤ ︿︿ᠠᠯᠳᠠᠨ ᠲᠤᠪᠴᠢ﹀﹀ ᠳᠤ ︿︿ᠤᠩᠭᠢᠩ᠂ ᠤᠩ ᠭᠢᠩ﹀﹀ ᠭᠡᠵᠦ ᠪᠢᠴᠢᠭᠳᠡᠭᠰᠠᠨ ᠨᠢ ᠵᠥᠪ ᠪᠢᠴᠢᠯᠭᠡ ᠪᠤᠯᠬᠤ ᠪᠢᠯᠠ᠃ ︽京︾ ᠭᠡᠳᠡᠭ ᠢ ᠡᠷᠲᠡᠨ  ᠤ ᠴᠠᠭ ᠤᠨ ᠬᠢᠲᠠᠳ ᠬᠡᠯᠡᠨ ᠳᠤ [ king ] ᠭᠡᠵᠤ ᠤᠩᠰᠢᠳᠠᠭ ᠤᠨ ᠲᠤᠬᠠᠢ ᠪᠠᠶᠠᠷ ᠭᠤᠸᠠᠢ ᠦᠭᠦᠯᠡᠭᠰᠡᠨ ᠪᠢᠯᠡ᠃ ᠡᠶᠢᠮᠦ ᠠᠴᠠ ︽ᠲᠤᠪᠴᠢᠶᠠᠨ︾ ᠢ ᠭᠠᠯᠢᠭᠯᠠᠬᠤ ᠳᠠᠭᠠᠨ ᠬᠡᠷᠡᠭᠯᠡᠭᠰᠡᠨ王,汪 ᠦᠰᠦᠭ ᠢ ᠨᠢᠭᠡ ᠠᠳᠠᠯᠢ ︿︿ᠤᠩ ᠭᠢᠩ ᠴᠢᠩᠰᠠᠩ﹀﹀ ᠤᠨ ︿︿ᠤᠩ﹀﹀ ᠶᠢ ᠮᠥᠨ ︿︿ᠤᠩ﹀﹀ ᠭᠡᠵᠤ ᠤᠩᠰᠢᠬᠤ ᠠᠴᠠ ᠪᠢᠰᠢ᠂ ︽ᠸᠠᠩ [wang]︾ ᠭᠡᠵᠦ ᠤᠩᠰᠢᠪᠠᠯ ᠲᠠᠭᠠᠷᠠᠬᠤ ᠦᠭᠡᠢ᠃ ᠡᠨᠡᠬᠦ ︽ᠲᠤᠪᠴᠢᠶᠠᠨ︾ ᠪᠢᠴᠢᠭᠳᠡᠵᠦ ︽ᠠᠯᠲᠠᠨ ᠠᠪᠳᠠᠷ᠎ᠠ ︾ ᠲᠤ ᠨᠢᠭᠤᠭᠳᠠᠭᠰᠠᠨ ᠠᠴᠠ ᠪᠠᠨ ᠢᠯᠡ ᠭᠠᠷᠴᠤ ᠢᠷᠡᠭᠡᠳ ᠬᠢᠲᠠᠳ ᠦᠰᠦᠭ ᠢᠶᠠᠷ ᠭᠠᠯᠢᠭᠯᠠᠭᠳᠠᠨ ᠭᠠᠷ ᠳᠠᠮᠵᠢᠨ ᠬᠠᠭᠤᠯᠠᠭᠳᠠᠵᠤ ᠪᠢᠳᠡᠨ ᠤ ᠦᠶ᠎ᠡ ᠳᠤ ᠢᠷᠡᠭᠰᠡᠨ ᠡᠨᠡᠬᠦ ᠪᠦᠲᠦᠭᠡᠯ ᠤᠳᠬ᠎ᠠ ᠶᠢᠨ ᠣᠷᠴᠢᠭᠤᠯᠭ᠎ᠠ ︵ᠬᠠᠵᠠᠭᠤ ᠶᠢᠨ ᠣᠷᠴᠢᠭᠤᠯᠭ᠎ᠠ ᠪᠠ ᠶᠡᠷᠦᠩᠬᠡᠢ ᠣᠷᠴᠢᠭᠤᠯᠭ᠎ᠠ︶ ᠭᠢᠬᠦ ᠬᠦᠷᠲᠡᠯ᠎ᠡ ᠵᠠᠭᠤ ᠢᠯᠡᠭᠦᠤ ᠵᠢᠯ ᠤᠨ ᠴᠠᠭ ᠬᠤᠭᠤᠴᠠᠭ᠎ᠠ ᠶᠢ ᠥᠩᠭᠡᠷᠠᠭᠦᠯᠦᠭᠰᠠᠨ ᠪᠦᠭᠡᠳ ᠮᠤᠩᠭᠤᠯ ᠬᠡᠯᠡᠨ ᠳᠤ ᠴᠤ ᠶᠡᠭᠡ ᠬᠤᠪᠢᠷᠠᠯᠲᠠ ᠭᠠᠷᠤᠭᠰᠠᠨ ᠪᠤᠯᠬᠤᠷ ᠵᠦᠪᠬᠡᠨ ᠡᠨᠡᠬᠦ王 ᠭᠡᠳᠡᠭ ᠦᠰᠦᠭ ᠪᠢᠰᠢ ᠬᠠᠵᠠᠭᠤ ᠶᠢᠨ ᠣᠷᠴᠢᠭᠤᠯᠭ᠎ᠠ ᠶᠢᠨ ᠵᠠᠷᠢᠮ ᠦᠭᠡᠰ ᠢ ᠪᠤᠷᠤᠭᠤ ᠤᠷᠴᠢᠭᠤᠯᠤᠭᠰᠠᠨ ᠪᠠ ᠵᠠᠷᠢᠮ ᠨᠢ ᠬᠠᠵᠠᠭᠤ ᠶᠢᠨ ᠣᠷᠴᠢᠭᠤᠯᠭ᠎ᠠ ᠦᠭᠡᠢ ᠪᠠᠷ ᠪᠠᠭᠤᠯᠭᠠᠭᠰᠠᠠ ᠨᠢ ᠲᠠᠷᠤᠢ ᠡᠨᠡᠬᠦ ᠵᠠᠭᠤ ᠢᠯᠡᠭᠦᠤ ᠵᠢᠯ ᠤᠨ ᠡᠮᠦᠨ᠎ᠡ ᠪᠢᠴᠢᠭᠰᠡᠨ ᠡᠷᠳᠡᠨ ᠤ ᠮᠤᠩᠭᠤᠯ ᠬᠡᠯᠡᠨ ᠠᠴᠠ ᠤᠳᠬ᠎ᠠ ᠶᠢᠨ ᠤᠷᠴᠢᠭᠤᠯᠤᠭᠴᠢ ᠨᠠᠷ ᠴᠤ ᠤᠳᠬ᠎ᠠ ᠶᠢ ᠨᠢ ᠮᠡᠳᠡᠬᠦ ᠦᠭᠡᠢ ᠦᠭᠡᠰ ᠭᠠᠷᠬᠤ ᠪᠠᠶᠢᠯᠭᠦᠢ᠃ ᠡᠶᠢᠮᠦ ᠪᠤᠯᠬᠤᠷ ᠬᠠᠵᠠᠭᠤ ᠶᠢᠨ ᠣᠷᠴᠢᠭᠤᠯᠭ᠎ᠠ ᠭᠢᠭᠴᠢ ᠠᠴᠠ ᠴᠤ ᠤᠭ  ᠨᠢ汪 ᠢᠶᠠᠷ ᠪᠢᠴᠢᠭᠰᠡᠨ ᠴᠤ ᠪᠤᠯᠬᠤ ᠡᠨᠡᠬᠦ ︽ᠤᠩ︾ ᠭᠡᠳᠡᠭ ᠨᠢ ᠶᠠᠮᠠᠷ ᠨᠢᠭᠡ ᠬᠠᠭᠠᠨ ᠤ ᠲᠦᠰᠢᠮᠡᠯ ᠤᠨ ᠨᠡᠷ᠎ᠡ  ᠲᠠᠢ ᠬᠤᠯᠪᠤᠭᠠᠲᠠᠢ ᠪᠤᠯᠬᠤᠷ王 ᠭᠡᠵᠤ ᠭᠠᠯᠢᠭᠯᠠᠭᠰᠠᠨ ᠪᠠᠶᠢᠵᠤ ᠪᠤᠯᠬᠤ ᠶᠤᠮ᠃ ᠡᠭᠦᠨ ᠤ ᠳᠡᠭᠡᠷ᠎ᠡ ︽ᠲᠤᠪᠴᠢᠶᠠᠨ ︾ ᠬᠡᠳᠦ᠋ᠢᠪᠡᠷ ᠳᠤᠮᠳᠠᠳᠤ ᠡᠷᠲᠡᠨ ᠤ ᠮᠤᠩᠭᠤᠯ ᠬᠡᠯᠡᠨ ᠤ ᠠᠮᠠᠨ ᠠᠶᠠᠯᠭᠤ ᠪᠠᠷ ᠪᠢᠴᠢᠭᠳᠡᠭᠰᠡᠨ ᠪᠤᠯᠪᠠᠴᠤ ᠲᠡᠭᠦᠨ  ᠠᠴᠠ ᠤᠷᠢᠳᠠ ᠲᠤᠬᠠᠢ ᠶᠢᠨ ᠦᠶ᠎ᠡ ᠳᠤ ᠮᠤᠩᠭᠤᠯ ᠤᠨ ᠦᠨᠳᠦᠷᠯᠢᠭ ᠲᠤ ᠲᠦᠷᠦᠭ ᠭᠠᠷᠣᠯᠳᠠᠢ ᠦᠨᠳᠣᠰᠣᠳᠠᠨ ᠪᠠ ᠲᠦᠷᠦᠭᠵᠢᠭᠰᠡᠨ ᠠᠶᠢᠮᠠᠭ ᠪᠠᠶᠢᠭᠰᠠᠨ ᠪᠠ ᠡᠷᠳᠠ ᠲᠡᠭᠡᠳᠣ ᠦᠶ᠎ᠠ ᠳᠤ ᠲᠦᠷᠦᠭᠴᠤᠳ ᠮᠣᠩᠭᠤᠯ ᠤᠨ ᠦᠨᠳᠦᠷᠯᠢᠭ ᠢ ᠨᠤᠶᠠᠷᠬᠠᠵᠣ ᠦᠡᠭᠭᠡᠷᠡᠭᠰᠡᠨ ᠲᠡᠣᠭᠡ ᠲᠠᠢ ᠪᠣᠯᠬᠤᠷ ᠲᠦᠷᠦᠭ ᠭᠠᠷᠣᠯᠳᠠᠢ ᠦᠭᠡᠰ ᠴᠣ᠋ ︽ᠲᠣᠪᠴᠢᠶᠠᠨ︾ ᠳᠤ ᠪᠠᠶᠢᠳᠠᠭ᠃ ᠡᠶᠢᠮᠣ ᠠᠴᠠ ᠮᠢᠨᠣ ᠦᠵᠡᠯᠳᠠ ᠪᠠᠷ ᠪᠤᠯ ︽ᠲᠣᠪᠴᠢᠶᠠᠨ︾ ᠳᠠᠬᠢ ᠡᠨᠡᠭᠦ ︿︿王﹀﹀ ᠢ ︽汪︾  ᠲᠠᠢ ᠠᠳᠠᠯᠢ ︿︿ᠤᠩ﹀﹀ ᠭᠡᠵᠣ ᠣᠷᠴᠢᠨ ᠴᠠᠭ ᠤᠨ ᠮᠣᠩᠭᠤᠯ ᠭᠡᠯᠨ ᠪᠠᠷ ᠣᠡᠭᠰᠢᠬᠤ ᠨᠢ ᠵᠦᠢᠳᠠᠢ᠃            ᠭᠡᠷᠪᠡ ᠢᠡᠭᠭᠢᠵᠣ ᠣᠡᠭᠰᠢᠵᠣ  ᠤᠶᠢᠯᠠᠭᠠᠬᠤ ᠶᠢ ᠵᠦᠪᠰᠢᠶᠠᠷᠡᠪᠠᠯ᠂ ᠡᠨᠡᠭᠦ ︽ᠤᠩ ong︾ ﹇12﹈ ᠭᠡᠰᠡᠨ ᠨᠢ ᠲᠦᠷᠦᠭ ᠭᠠᠷᠣᠯ ᠲᠠᠢ ᠬᠠᠰᠠᠭ᠂ ᠦᠢᠭᠤᠷ᠂ ᠭᠢᠷᠭᠢᠰ ᠭᠡᠯᠡᠨ ᠳᠤ ᠪᠠᠶᠢᠳᠠᠭ ᠣᠳᠬ᠎ᠠ ᠨᠢ ︽ᠪᠠᠷᠠᠭᠤᠨ︾ ᠭᠡᠰᠡᠨ ᠦᠭᠡ ᠪᠣᠯᠬᠤ ᠪᠢᠯᠨ᠃ ᠲᠠᠷᠠᠭᠠᠭᠢ ︿︿京﹀﹀ ᠭᠡᠳᠡᠭ ᠨᠢ ︿︿ᠭᠢᠩ﹀﹀ ᠪᠣᠯᠬᠤ ᠨᠢ ᠲᠠᠮᠵᠢᠭ ᠦᠭᠡᠢ᠂ ᠭᠡᠭᠦ  ᠳᠡᠭᠡᠨ ᠡᠷᠳᠡᠨ ᠤ ᠭᠢᠳᠠᠳ ᠲᠠᠭᠤᠳᠠᠯᠭ᠎ᠠ ᠨᠢ ︿︿keng﹀﹀ ᠢᠶᠠᠷ ᠤᠩᠰᠢᠬᠤ ᠬᠡᠷᠡᠭᠲᠡᠢ᠃ ᠮᠣᠩᠭᠤᠯ ᠭᠡᠯᠡᠨ ᠳᠤ ︿︿‍ᠡᠭ﹀﹀ ᠭᠡᠶᠢᠭᠦᠯᠦᠭᠴᠢ ᠪᠠᠷ ᠲᠡᠭᠦᠰᠦᠭᠰᠡᠨ ᠦᠭᠡᠨ ᠳᠤ ᠬᠠᠷᠢᠶᠠᠯᠠᠬᠤ ᠶᠢᠨ ᠲᠡᠶᠢᠨ ᠢᠯᠭᠠᠯ ᠤᠨ ᠲᠠᠭᠠᠪᠣᠷᠢ ︿︿ ᠤᠨ᠂  ᠶᠢᠨ﹀﹀ ᠢ ᠵᠠᠯᠭᠠᠪᠠᠯ ᠠᠮᠠᠨ ᠶᠠᠷᠢᠶᠠᠨ ᠳᠤ ︿︿g﹀﹀ ᠨᠡᠮᠡᠭᠳᠡᠳᠡᠭ᠃ ᠲᠣᠳᠣ ᠮᠣᠩᠭᠤᠯ ᠪᠢᠴᠢᠭ ᠲᠤ ︿︿﹀﹀ ᠭᠡᠶᠢᠭᠦᠯᠦᠭᠴᠢ ᠪᠠᠷ ᠲᠡᠭᠦᠰᠦᠭᠰᠡᠨ ᠦᠭᠡ ᠶᠢᠨ ᠳᠠᠷᠠᠭ᠎ᠠ ᠬᠠᠷᠢᠶᠠᠯᠠᠬᠤ ᠶᠢᠨ ᠲᠡᠶᠢᠨ ᠢᠯᠭᠠᠯ ᠤᠨ ︿︿﹀﹀ ᠲᠠᠭᠠᠪᠤᠷᠢ ᠣᠷᠣᠳᠠᠭ᠃ ᠵᠢᠱᠢᠶᠠᠯᠠᠪᠠᠯ᠄ ᠠᠡᠭ — ᠠᠡᠭ ᠤᠨ ᠨᠣᠬᠠᠢ᠂ ᠡᠩ — ᠡᠩ ᠤᠨ ᠭᠦᠮᠣᠨ᠂ ᠬᠦᠷᠢᠶᠡᠯᠡᠩ  ᠤᠨ ᠭᠡᠭᠦ ᠮᠡᠳᠣ ᠦᠭᠡᠰ ᠢ  —  ᠂  —   ᠂   —   ᠭᠡᠵᠦ ᠪᠢᠴᠢᠳᠡᠭ᠃ ᠣᠶᠢᠷᠠᠳ ᠠᠶᠠᠯᠭᠤᠨ ᠳᠤ ﹇anggi:n noxa:﹈ ﹇enggi:n kümün﹈ ﹇küræ:lenggi:n ~ küræ:lenggin﹈ ᠭᠡᠵᠦ ᠬᠡᠯᠡᠳᠡᠭ᠃ ︽ᠣᠡᠭᠭᠢᠨᠭ︾ ᠭᠡᠪᠡᠯ ︿︿ᠤᠩ﹀﹀ ᠭᠡᠳᠡᠭ ᠦᠭᠡᠨ ᠤ ᠡᠴᠣᠰ ᠲᠤ ᠡᠷᠳᠡᠨ ᠤ ᠠᠮᠠᠨ ᠶᠠᠷᠢᠶᠠᠨ ᠤ ︿︿ ᠶᠢᠨ᠂ ᠤᠨ﹀﹀ ᠬᠡᠮᠡᠬᠦ ᠬᠠᠷᠢᠶᠠᠯᠠᠬᠤ ᠶᠢᠨ ᠲᠡᠶᠢᠨ ᠢᠯᠭᠠᠯ ᠤᠨ ᠲᠠᠭᠠᠪᠣᠷᠢ ᠵᠠᠯᠭᠠᠭᠰᠠᠨ ︿︿ᠤᠩ ᠤᠨ ﹇onggi:n ~ onggin﹈﹀﹀ ᠭᠡᠰᠡᠨ ᠦᠭᠡ ᠪᠤᠯᠤᠨ᠎ᠠ᠃ ᠳᠠᠭᠤᠳᠠᠯᠭ᠎ᠠ ᠶᠢ ᠨᠢ ᠦᠨᠳᠦᠰᠦᠯᠡᠨ ᠭᠠᠯᠢᠭᠯᠠᠬᠤ ᠳᠠᠭᠠᠨ ︿︿ᠣᠡᠭᠭᠢᠨᠭ﹀﹀ ᠭᠡᠵᠦ ᠪᠠᠭᠤᠯᠭᠠᠭᠰᠠᠨ ᠪᠣᠯᠣᠯᠲᠠᠢ᠃ ︿︿ᠣᠡᠭᠭᠢᠨᠭ﹀﹀ ᠢ ᠲᠣᠳᠣ ᠮᠣᠩᠭᠤᠯ ᠪᠠᠷ ᠪᠢᠴᠢᠪᠠᠯ ︿︿ ﹀﹀ ᠭᠡᠰᠡᠨ ᠦᠭᠡ ᠪᠣᠯᠣᠨ᠎ᠠ᠃ ᠤᠷᠴᠢᠨ ᠴᠠᠭ ᠤᠨ ᠮᠤᠩᠭᠤᠯ ᠬᠡᠯᠡᠨ ᠳᠤ ᠪᠠᠭᠤᠯᠭᠠᠪᠠᠯ ︿︿ᠤᠩ ᠤᠨ ᠪᠤᠶᠤ   ﹇onggi:n ~ onggin﹈﹀﹀ ᠪᠤᠯᠤᠨ᠎ᠠ᠃ ︿︿n﹀﹀ ᠪᠣᠯᠤᠨ ︿︿ng﹀﹀ ᠰᠣᠯᠢᠭᠳᠠᠬᠤ ᠨᠢ ᠲᠦᠭᠡᠮᠡᠯ ᠦᠵᠡᠭᠳᠡᠯ ᠶᠤᠮ᠃ ᠵᠢᠱᠢᠶᠠᠯᠠᠪᠠᠯ᠄ ᠠᠷᠰᠯᠠᠨ —  ᠮᠡᠲᠦ᠃ ᠪᠠᠰᠠ ᠨᠢᠭᠡ ᠬᠠᠵᠠᠭᠤ  ᠶᠢᠨ ᠪᠠᠷᠢᠮᠲᠠ ᠪᠣᠯ ᠴᠠᠬᠠᠷ ᠠᠮᠠᠨ ᠠᠶᠠᠯᠭᠤᠨ ᠳᠤ ᠬᠠᠷᠢᠶᠠᠯᠠᠬᠤ ᠶᠢᠨ ᠲᠡᠶᠢᠨ ᠢᠯᠭᠠᠯ ᠤᠨ ᠳᠠᠭᠠᠪᠤᠷᠢ ︿︿ ᠤᠨ᠂ ᠶᠢᠨ ﹀﹀ ᠢ [ i:ng ][ ng ] ᠭᠡᠵᠦ   ︿︿‍ᠨ n﹀﹀ ᠢ ᠨᠢ ︿︿ng﹀﹀ ᠳᠠᠭᠤᠳᠠᠬᠤ ᠪᠣᠲᠠᠲᠠᠢ ᠵᠢᠱᠢᠶ᠎ᠡ ᠪᠤᠢ ﹇13﹈᠃          ᠡᠭᠦᠨ ᠳᠤ ᠲᠥᠭᠦᠮᠴᠢᠯᠠᠨ ᠶᠠᠷᠢᠬᠤ ᠨᠢᠭᠡ ᠵᠦᠢᠯ ᠭᠡᠪᠡᠯ ︿︿ᠲᠤᠪᠴᠢᠶᠠᠨ﹀﹀ ᠳᠠᠬᠢ ᠲᠤᠮᠳᠠᠳᠤ ᠡᠷᠳᠡᠨ ᠤ ᠠᠮᠠᠨ ᠶᠠᠷᠢᠶᠠᠨ ᠤ ᠮᠤᠩᠭᠤᠯ ᠭᠡᠯᠠ᠂ ᠠᠶᠠᠯᠭᠤ ᠨᠢ ᠥᠢᠷᠠᠳ ᠮᠤᠩᠭᠤᠯᠴᠤᠳ ᠪᠤᠯᠤᠨ ᠬᠠᠯᠢᠮᠠᠭ ᠮᠤᠩᠭᠤᠯᠴᠤᠳ ᠤᠨ ᠠᠮᠠᠨ ᠶᠠᠷᠢᠶᠠᠨ ᠤ ᠭᠡᠯᠠ ᠠᠶᠠᠯᠭᠤ ᠲᠠᠢ ᠥᠢᠷᠡᠯᠴᠠᠭ᠎ᠠ ᠪᠠᠶᠢᠳᠠᠭ ᠪᠠ ᠲᠤᠮᠲᠠᠳᠤ ᠡᠷᠳᠡᠨ ᠤ ᠦᠭᠡᠰ ᠴᠤ ᠪᠠᠭ᠎ᠠ ᠪᠤᠰᠤ ᠬᠡᠮᠵᠢᠶ᠎ᠡ ᠪᠠᠷ ᠬᠠᠳᠠᠭᠠᠯᠠᠭᠳᠡᠨ ᠭᠡᠷᠡᠭᠯᠡᠭᠳᠠᠵᠦ ᠪᠠᠶᠢᠬᠤ ᠠᠴᠠ ︿︿ᠲᠤᠪᠴᠢᠶᠠᠨ﹀﹀ ᠤ ᠲᠤᠮᠳᠠᠳᠤ ᠡᠷᠳᠡᠨ ᠤ ᠮᠤᠩᠭᠤᠯ ᠭᠡᠯᠠ ᠶᠢ ᠰᠤᠳᠤᠯᠬᠤ ᠳᠤ ᠥᠢᠷᠠᠳᠴᠦᠳ ︵ᠢᠯᠠᠩᠭᠤᠶ᠎ᠠ ᠥᠭᠡᠯᠠᠳᠴᠦᠳ︶ ᠤᠨ ᠠᠮᠠᠨ ᠶᠠᠷᠢᠶᠠᠨ ᠤ ᠭᠡᠯᠠ ᠭᠡᠯᠡᠯᠭᠡ ᠂ ᠠᠶᠠᠯᠭᠤ ᠶᠢ ᠨᠠᠷᠢᠪᠴᠢᠯᠠᠨ ᠰᠣᠳᠣᠯᠬᠤ ᠨᠢ ᠲᠤᠳᠠᠭᠳᠠᠵᠦ ᠪᠤᠯᠤᠰᠢ ᠦᠭᠡᠢ ᠴᠢᠬᠤᠯᠠ ᠵᠦᠢᠯ ᠪᠤᠯᠬᠤ ᠪᠠ ᠳᠦᠷᠦᠭ ᠳᠥᠷᠦᠯ ᠤᠨ ᠭᠡᠯᠡᠠ ᠠᠴᠠ ᠴᠤ ᠴᠢᠮᠡᠭᠡ ᠲᠠᠢ ᠪᠤᠯᠬᠤ ᠭᠡᠷᠡᠭᠲᠠᠢ᠃ ᠮᠡᠭᠦᠰ ᠮᠢᠨᠦ ᠡᠨᠡᠬᠦ ︿︿ᠣᠡᠭᠭᠢᠨᠭ﹀﹀ ᠭᠡᠳᠡᠭ ᠶᠢ ︽ᠪᠠᠷᠠᠭᠤᠨ ᠤ︾ ᠭᠡᠰᠡᠨ ᠦᠭᠡ ᠭᠡᠵᠦ ᠦᠵᠠᠵᠦ ᠪᠠᠶᠢᠬᠤ ᠨᠢ ︿︿ᠲᠤᠪᠴᠢᠶᠠᠨ﹀﹀ ᠢ ᠰᠤᠨᠢᠷᠬᠠᠨ ᠤᠩᠰᠢᠬᠤ ᠳᠠᠭᠠᠨ ᠥᠢᠷᠠᠳᠴᠦᠳ ᠤᠨ ᠠᠮᠠᠨ ᠶᠠᠷᠢᠶᠠᠨ ᠤ ᠭᠡᠯᠠ ᠭᠡᠯᠡᠯᠭᠡ᠂ ᠠᠶᠠᠯᠭᠤ ᠳᠤ ᠠᠩᠬᠠᠷᠣᠯ ᠳᠠᠯᠪᠢᠨ ︿︿ᠲᠤᠪᠴᠢᠶᠠᠨ﹀﹀ ᠤ ᠭᠡᠯᠡᠯᠭᠡ ᠠᠶᠠᠯᠭᠤ᠂ ᠦᠭᠡᠰ ᠲᠠᠢ ᠬᠠᠷᠢᠴᠠᠭᠤᠯᠵᠦ ᠦᠵᠡᠵᠦ ᠪᠠᠶᠢᠬᠤ ᠪᠠ ᠳᠦᠷᠦᠭ ᠳᠥᠷᠥᠯ ᠤᠨ ᠬᠠᠰᠠᠭ ︵ᠺᠠᠽᠠᠭ ︶᠂ ᠤᠶᠢᠭᠤᠷ᠂ ᠭᠢᠷᠭᠢᠰ ᠭᠡᠯᠠ ᠪᠠ ᠪᠢᠴᠢᠭ ᠮᠡᠳᠡᠳᠡᠭ ᠠᠴᠠ ︿︿ᠲᠤᠪᠴᠢᠶᠠᠨ﹀﹀ ᠤ ᠰᠤᠳᠤᠯᠭᠠᠨ ᠭᠢᠵᠦ ᠪᠠᠶᠢᠬᠤ ᠡᠷᠳᠡᠮᠳᠠᠨ ᠮᠡᠷᠭᠡᠳ ᠤᠨ ᠰᠤᠳᠤᠯᠭᠠᠨ ᠳᠤ ᠯᠠᠪᠯᠠᠯᠲᠠ ᠪᠣᠯᠭᠠᠵᠤ ᠪᠠᠶᠢᠬᠤ ᠮᠢᠨᠢ ᠡᠨᠠ ᠪᠢᠯᠠ᠃ ᠲᠡᠭᠡᠪᠡᠯ ︽ᠲᠤᠪᠴᠢᠶᠠᠨ︾ ᠳᠤ ︿︿ᠥᠩᠭᠢᠩ ᠴᠢᠩᠰᠠᠩ﹀﹀ ᠭᠡᠳᠡᠭ ᠦᠭᠡ ᠶᠠᠮᠠᠷ ᠤᠳᠬ᠎ᠠ ᠪᠠᠷ ᠬᠡᠷᠡᠭᠯᠡᠵᠦ ᠪᠠᠶᠢᠬᠤ ᠦᠭᠡ ᠪᠤᠢ︖ ᠭᠡᠪᠡᠯ ᠠᠯᠲᠠᠨ ᠤᠯᠤᠰ ᠠᠴᠠ ᠲᠤᠬᠠᠢ ᠤᠨ ᠦᠶ᠎ᠡ ᠳᠤ ᠴᠤ ᠪᠤᠯᠤᠭ᠂  ᠤᠷᠢᠳ ᠬᠤᠶᠢᠨ᠎ᠠ ᠴᠤ ᠪᠤᠯᠤᠭ᠂ ᠮᠤᠩᠭᠤᠯ  ᠤᠨ ᠦᠨᠳᠦᠷᠯᠢᠭ ᠤᠨ ᠡᠯ᠎ᠡ ᠠᠶᠢᠮᠠᠭ ᠲᠠᠢ᠂ ᠮᠤᠩᠭᠤᠯ ᠤᠯᠤᠰ ᠲᠠᠢ ᠡᠰᠡᠭᠡᠵᠦ ᠪᠤᠰᠤᠳ ᠤᠯᠤᠰ ᠤᠷᠤᠨ ᠲᠠᠢ ᠬᠠᠷᠢᠴᠠᠬᠤ ᠠᠯᠢᠪᠠ ᠬᠡᠷᠡᠭ ᠶᠠᠪᠤᠳᠠᠯ ᠳᠤ ᠲᠤᠰ ᠤᠯᠤᠰ ᠤᠨ ᠪᠠᠷᠠᠭᠤᠨ ᠭᠠᠷ ᠤᠨ ᠴᠢᠩᠰᠢᠶᠠᠩ ᠲᠦᠰᠢᠮᠡᠯ ᠪᠡᠶ᠎ᠡ ᠪᠠᠷ ᠭᠤᠤᠯᠯᠠᠨ ᠤᠷᠤᠯᠴᠠᠳᠠᠭ ᠪᠠᠶᠢᠭᠰᠠᠨ ᠲᠠᠢ ᠬᠤᠯᠪᠤᠭᠠᠲᠠᠢ ᠶᠤᠮ᠃ ᠠᠯᠲᠠᠨ ᠤᠯᠤᠰ ᠤᠨ ᠬᠠᠭᠠᠨ ᠠᠴᠠ ᠲᠡᠭᠦᠨ ᠠᠴᠠ ᠤᠷᠪᠠᠨ ᠲᠠᠶᠢᠴᠠᠵᠤ ᠭᠠᠷᠤᠭᠰᠠᠨ ᠲᠠᠲ᠋ᠠᠷ ᠤᠨ ᠮᠡᠭᠦᠵᠢᠨ ᠰᠡᠭᠦᠯᠲᠦ ᠶᠢ ᠨᠡᠬᠡᠮᠵᠢᠯᠡᠨ ᠴᠤᠬᠢᠬᠤ ᠳᠠᠭᠠᠨ ᠴᠤ ᠪᠠᠷᠠᠭᠤᠨ ᠭᠠᠷ ᠤᠨ ᠴᠢᠩᠰᠢᠶᠠᠩ ᠲᠦᠰᠢᠮᠠᠯ ᠸᠠᠨ ᠶᠠᠨ ᠰᠢᠶᠠᠩ ᠴᠡᠷᠢᠭ ᠲᠡᠶᠢᠴᠢᠯᠠᠨ ᠶᠠᠪᠣᠭᠰᠠᠨ ᠪᠢᠯᠨ᠂ ᠶᠠᠭ ᠡᠨᠡᠭᠦ ᠵᠠᠪᠰᠢᠶᠠᠨ  ᠢᠶᠠᠷ ᠡᠷᠳᠡᠨ ᠤ ᠡᠪᠣᠭᠡᠳ ᠡᠴᠢᠭᠡᠰ ᠢ ᠠᠯᠠᠭᠰᠠᠨ ᠦᠰᠢᠶᠠᠳᠠᠨ ᠲᠠᠶᠢᠰᠣᠨ ᠠᠴᠠ ᠦᠰᠢᠶ᠎ᠠ ᠠᠪᠬᠤ ᠭᠡᠵᠣ ᠲᠡᠮᠣᠵᠢᠨ᠂ ᠲᠣᠭᠤᠷᠢᠯ ᠬᠠᠭᠠᠨ ᠲᠠᠢ  ᠬᠤᠯᠪᠤᠭᠠᠯᠠᠨ ᠠᠯᠳᠠᠨ ᠣᠯᠣᠰ ᠤᠨ ᠪᠠᠷᠠᠭᠤᠨ ᠭᠠᠷ ᠤᠨ ᠴᠢᠩᠰᠢᠶᠠᠩ ᠲᠦᠰᠢᠮᠠᠯ ᠢ ᠲᠤᠰᠠᠯᠠᠨ ᠲᠠᠲ᠋ᠠᠷᠴᠣᠳ ᠲᠠᠢ ᠪᠠᠶᠢᠯᠳᠣᠵᠣ ᠲᠠᠲ᠋ᠠᠷᠴᠣᠳ ᠤᠨ ᠪᠠᠭᠢᠯᠡᠯᠳᠠ ᠶᠢ ᠡᠪᠳᠠᠵᠣ ᠮᠡᠭᠦᠵᠢᠨ ᠰᠡᠭᠦᠯᠳᠣ ᠶᠢ ᠠᠯᠡᠵᠣ ᠥᠭᠴᠡᠢ᠃ ᠡᠭᠦᠨ ᠳᠤ ᠠᠯᠳᠠᠨ ᠣᠯᠣᠰ ᠤᠨ ᠪᠠᠷᠠᠭᠤᠨ ᠭᠠᠷ ᠤᠨ ᠴᠢᠩᠰᠢᠶᠠᠩ ᠲᠦᠰᠢᠮᠠᠯ ᠲᠠᠷᠨ ᠬᠤᠶᠠᠷ  ᠲᠤ ᠲᠠᠯᠠᠷᠬᠠᠵᠣ ᠲᠣᠭᠤᠷᠢᠯ ᠳᠤ ︿︿ᠣᠡᠭ﹀﹀ ᠴᠣᠯᠨ᠂ ᠲᠡᠮᠣᠵᠢᠨ ᠳᠤ ︿︿ᠵᠠᠭᠤᠳ ᠬᠤᠷᠢ﹀﹀ ᠴᠣᠯᠨ ᠦᠭᠭᠦᠭᠰᠡᠨ ᠪᠠᠶᠢᠳᠠᠭ ︵ᠪᠢ ᠡᠨᠡᠭᠦ ᠴᠣᠯᠨ ᠶᠢᠨ ᠲᠣᠬᠠᠢ 1993 ᠣᠨ ᠤ ᠦᠶ᠎ᠠ ᠪᠠᠷ ᠨᠢᠭᠡ ᠦᠭᠦᠯᠡᠯ ᠪᠢᠴᠢᠵᠤ ︿︿ᠦᠪᠤᠷ ᠮᠣᠩᠭᠤᠯ ᠤᠨ ᠨᠡᠶᠢᠭᠡᠮ ᠤᠨ ᠰᠢᠨᠵᠢᠯᠡᠭᠦ ᠣᠬᠠᠭᠠᠨ﹀﹀ ᠰᠡᠳᠭᠦᠯ ᠳᠤ ᠨᠡᠶᠢᠳᠡᠯᠠᠭᠦᠯᠦᠭᠰᠡᠨ ᠪᠢᠯᠨ᠂ ᠬᠤᠭᠤᠴᠠᠭ᠎ᠠ ᠶᠢ  ᠨᠢ ᠮᠠᠷᠳᠠᠴᠢᠬᠠᠵᠠᠢ︶᠃ ᠪᠠᠰᠠ ᠴᠢᠩᠭᠢᠰ ᠬᠠᠭᠠᠨ ᠠᠯᠳᠠᠨ ᠣᠯᠣᠰ ᠤᠨ ᠨᠡᠶᠢᠰᠯᠠᠯ ᠵᠣᠩᠳᠣ ᠶᠢ ᠪᠦᠰᠡᠯᠡᠨ ᠰᠦᠷᠳᠡᠭᠦᠯᠵᠣ ᠪᠠᠶᠢᠭᠰᠠᠨ ᠦᠶ᠎ᠠ ᠳᠤ ᠠᠯᠳᠠᠨ ᠣᠯᠣᠰ ᠤᠨ ᠣᠡᠭᠭᠢᠨᠭ ᠴᠢᠩᠰᠠᠩ ᠲᠦᠰᠢᠮᠠᠯ ︵︿︿ᠲᠣᠪᠴᠢᠶᠠᠨ﹀﹀  ᠳᠤ ᠭᠡᠯᠡᠭᠰᠡᠨ ᠢ ᠪᠠᠷᠢᠮᠳᠠᠯᠠᠪᠠ︶ ᠲᠦᠷ ᠴᠠᠭ ᠪᠣᠯᠪᠠᠴᠣ ᠮᠣᠩᠭᠤᠯ ᠲᠠᠢ ︽ᠡᠪᠰᠡᠭᠦ︾ ᠲᠦᠷᠣ ᠶᠢᠨ ᠪᠣᠳᠣᠯᠭ᠎ᠠ ᠶᠢ ᠭᠡᠷᠡᠭᠯᠡᠭᠦ ᠭᠡᠵᠣ ᠠᠯᠳᠠᠨ ᠣᠯᠣᠰ ᠤᠨ ᠬᠠᠭᠠᠨ ᠳᠤ ᠠᠶᠢᠯᠠᠳᠬᠠᠵᠣ᠂ ᠠᠯᠳᠠᠨ ᠣᠯᠣᠰ ᠤᠨ ᠬᠠᠭᠠᠨ ᠤ ᠭᠦᠡᠭᠵᠣ ᠪᠣᠯᠣᠨ ᠠᠯᠳᠠᠨ ᠮᠦᠡᠭᠭᠦᠨ᠂ ᠠᠭᠤᠷᠠᠰᠣ ᠲᠠᠸᠠᠷ ᠢ ᠲᠠᠭᠠᠭᠠᠵᠦ ᠶᠠᠳᠠᠳᠠᠯ᠎ᠠ ᠦᠭᠴᠣ ᠡᠨᠡᠭᠦ ᠣᠡᠭᠭᠢᠨᠭ ᠴᠢᠩᠰᠠᠩ ᠨᠢ ᠹᠦᠵᠢᠤ ᠶᠢᠨ ᠲᠣᠷᠣᠭᠤ ᠶᠢᠨ ᠬᠤᠰᠢᠭᠤ ᠭᠦᠷᠳᠡᠯ᠎ᠠ ᠴᠢᠩᠭᠢᠰ ᠬᠠᠭᠠᠨ ᠢ ᠭᠦᠷᠭᠡᠭᠰᠡᠨ ᠪᠠᠶᠢᠨ᠎ᠠ᠃ ᠲᠡᠶᠢᠮᠣ ᠠᠴᠠ ︽ᠲᠣᠪᠴᠢᠶᠠᠨ︾ ᠳᠤ ᠣᠷᠢᠳᠠ ᠶᠢᠨ ᠠᠯᠳᠠᠨ ᠣᠯᠣᠰ ᠤᠨ ᠪᠠᠷᠠᠭᠤᠨ ᠭᠠᠷ ᠤᠨ ᠴᠢᠩᠰᠢᠶᠠᠩ ᠲᠦᠰᠢᠮᠠᠯ ᠸᠠᠨ ᠶᠠᠨ ᠰᠢᠶᠠᠩ ᠴᠣ᠋ ᠪᠣᠯᠤᠭ ᠬᠤᠶᠢᠨᠠᠭᠢ ᠠᠯᠳᠠᠨ ᠤᠯᠤᠰ ᠤᠨ ᠨᠠᠶᠢᠳᠠᠯᠠᠨ ᠵᠠᠭᠢᠷᠤᠭᠴᠢ ᠶᠦᠸᠠᠨᠱᠦᠸᠠᠢ ᠸᠠᠨ ᠬᠢᠨ ᠴᠢᠩᠾᠤᠢ ︵ᠹᠦᠰᠢᠩ︶ ᠴᠤ ᠪᠤᠯᠤᠭ ᠠᠯᠳᠠᠨ ᠤᠯᠤᠰ ᠢ ᠲᠥᠯᠥᠭᠡᠯᠠᠨ ᠭᠠᠳᠠᠭᠠᠳᠤ ᠶᠢᠨ ᠭᠡᠷᠡᠭ ᠶᠠᠪᠤᠳᠠᠯ ᠢ  ᠰᠡᠶᠢᠳᠪᠥᠷᠢᠯᠡᠭᠰᠡᠨ ᠢᠶᠠᠷ ᠤᠤᠯ ᠨᠢ ᠠᠯᠲᠠᠨ ᠤᠯᠤᠰ ᠤᠨ ᠪᠠᠷᠠᠭᠤᠨ ᠭᠠᠷ ᠤᠨ ᠳᠦᠰᠢᠮᠡᠯ ᠭᠠᠳᠠᠭᠠᠳᠤ ᠭᠡᠷᠡᠭ ᠶᠠᠪᠤᠳᠠᠯ ᠢ ᠬᠠᠮᠢᠶᠠᠷᠳᠠᠭ ᠵᠤᠷᠰᠢᠯ ᠢᠶᠠᠷ ᠳᠡᠳᠡᠨ ᠢ ︽ᠪᠠᠷᠠᠭᠤᠨ ᠭᠠᠷ ᠤᠨ ᠴᠢᠩᠰᠢᠶᠠᠩ︾ ᠢ ᠲᠦᠭᠦᠮᠴᠢᠯᠡᠨ ︽ᠣᠡᠭᠭᠢᠨᠭ ᠴᠢᠩᠰᠠᠩ ︵ᠮᠤᠩᠭᠤᠯ ᠢᠶᠠᠷ ᠪᠠᠷᠠᠭᠤᠨ ᠤ ᠴᠢᠩᠰᠠᠩ ᠭᠡᠰᠡᠨ ᠤᠳᠬᠠᠲᠠᠢ︶︾ ᠭᠡᠵᠣ ︿︿ᠪᠠᠷᠠᠭᠤᠨ ᠭᠠᠷ  ᠤᠨ ᠴᠢᠩᠰᠢᠶᠠᠩ﹀﹀ ᠢ ᠳᠦᠭᠦᠮᠴᠢᠯᠠᠨ ᠨᠠᠷᠡᠯᠡᠨ ᠭᠡᠯᠡᠳᠡᠭ ᠠᠴᠠ ︽ᠲᠣᠪᠴᠢᠶᠠᠨ︾ ᠳᠤ ᠡᠮᠣᠨᠡᠭᠢ ᠬᠤᠶᠢᠨᠠᠭᠢ ᠬᠤᠶᠠᠷ ᠲᠦᠰᠢᠮᠠᠯ ᠴᠢᠩᠰᠠᠩ ᠢ ︽ᠣᠡᠭᠭᠢᠨᠭ ᠴᠢᠩᠰᠠᠩ︾ ᠭᠡᠵᠣ ᠠᠳᠠᠯᠢ ᠨᠡᠷᠡᠯᠡᠨ ᠭᠡᠯᠡᠵᠣ ᠪᠠᠶᠢᠬᠤ ᠣᠳᠬ᠎ᠠ ᠲᠠᠢ ᠨᠡᠷ᠎ᠡ ᠪᠣᠯᠬᠤ ᠪᠥᠭᠡᠳ ᠡᠷᠳᠡᠨ ᠤ ᠦᠶ᠎ᠡ ᠳᠤ ᠮᠤᠩᠭᠤᠯ ᠤᠨ ᠥᠨᠳᠦᠷᠯᠢᠭ ᠲᠠᠬᠢ ᠠᠶᠢᠮᠠᠭ ᠤᠳ ᠠᠴᠠ ᠠᠯᠲᠠᠨ ᠤᠯᠤᠰ ᠤᠨ ᠪᠠᠷᠠᠭᠤᠨ ᠭᠠᠷ ᠤᠨ ᠲᠦᠰᠢᠮᠡᠯ ᠢ ︿ᠤᠩᠭᠢᠩ ᠴᠢᠩᠰᠠᠩ﹀ ᠭᠡᠵᠦ ᠲᠠᠭᠤᠳᠠᠬᠤ ᠨᠡᠷᠡᠶᠢᠳᠥᠯᠭᠡ ᠪᠤᠯᠬᠤ ᠨᠢ ᠢᠯᠡᠷᠭᠡᠢ ᠠᠴᠠ ᠪᠢᠰᠢ ᠬᠠᠷᠢᠨ ᠸᠠᠨ ᠶᠠᠨ ᠰᠢᠶᠠᠩ ᠪᠤᠶᠤ ᠸᠠᠨ ᠶᠠᠨ ᠹᠦ᠋ ᠰᠢᠩ ᠭᠡᠭᠦ ᠨᠡᠷ᠎ᠠ ᠶᠢᠨ ᠠᠪᠢᠶᠠᠨ ᠤ ᠬᠠᠯᠭᠤᠤ ᠲᠠᠭᠤᠳᠠᠯᠭ᠎ᠠ ᠠᠴᠠ ᠪᠤᠯᠤᠭᠰᠠᠨ ᠪᠤᠷᠤᠭᠤ ᠪᠢᠴᠢᠯᠭᠡ ᠪᠢᠰᠢ ᠪᠣᠯᠪᠠᠤ ᠭᠡᠵᠣ ᠲᠠᠭᠠᠮᠬᠠᠯᠠᠵᠣ ᠪᠠᠶᠢᠨ᠎ᠠ᠃              ᠲᠦᠷᠦᠭ ᠬᠡᠯᠡᠨ ᠳᠤ ︿︿ᠤᠩ ong﹀﹀ ᠨᠢ ︿︿ᠪᠠᠷᠠᠭᠤᠨ᠂ ᠵᠦᠪ﹀﹀ ᠭᠡᠰᠡᠨ ᠣᠳᠬ᠎ᠠ ᠲᠠᠢ ᠪᠠᠶᠢᠵᠤ᠂ ᠲᠦᠷᠦᠭ ᠬᠡᠯᠡᠨ ᠤ ︿︿ᠰᠣᠯ sol﹀﹀ ﹇14﹈ ᠨᠢ ︿︿ᠵᠡᠭᠦᠨ᠂ ᠪᠤᠷᠤᠭᠤ﹀﹀ ᠭᠡᠰᠡᠨ ᠡᠰᠡᠷᠭᠦᠦ ᠣᠳᠬ᠎ᠠ ᠲᠠᠢ ᠦᠭᠡ ᠪᠠᠶᠢᠳᠠᠭ ᠶᠤᠮ᠃ ᠮᠣᠩᠭᠤᠯ ᠬᠡᠯᠡᠨ ᠳᠤ ᠰᠣᠯᠣᠭᠠᠢ ᠭᠠᠷ ᠨᠢ ᠵᠡᠭᠦᠨ ᠭᠠᠷ᠂ ᠰᠣᠯᠣᠭᠠᠢ ᠬᠡᠷᠡᠭ ᠨᠢ ᠪᠤᠷᠤᠭᠤ ᠬᠡᠷᠡᠭ ᠭᠡᠰᠡᠨ ᠣᠳᠬ᠎ᠠ ᠲᠠᠢ᠃ ᠲᠠᠭᠡᠪᠡᠯ §208 — ᠳ᠋ᠤᠭᠠᠷ ᠵᠣᠶᠢᠯ ᠳᠠᠬᠢ ︿︿ᠡᠷᠬᠢᠳ ᠤᠯᠤᠰ ᠣᠩᠵᠠᠯᠳᠠᠵᠤ ᠨᠠᠢᠮᠠᠨ ᠮᠡᠷᠭᠢᠳ ᠴᠢᠷᠠᠢ ᠪᠠᠨ ᠬᠤᠭᠤᠯᠵᠤ﹀﹀ ᠭᠡᠳᠡᠭ ᠤᠨ ︿︿ᠣᠩᠵᠠᠯᠳᠠᠵᠤ﹀﹀ ᠶᠢᠨ ᠢᠵᠠᠭᠤᠷ ᠨᠢ ᠳᠠᠷᠤᠢ ︿︿ᠤᠩ ong﹀﹀ ᠶᠤᠮ᠃ ᠲᠦᠷᠦᠭ ᠬᠡᠯᠡᠨ ᠳᠤ ︿︿ᠣᠩᠰᠢᠶ᠎ᠠ ongshaa᠂ ᠤᠩᠭᠠᠪ ongaw﹀﹀ ﹇15﹈ ᠭᠡᠪᠡᠯ ︿︿ᠴᠢᠬᠡᠯᠡᠬᠦ᠂ ᠵᠠᠰᠠᠬᠤ᠂ ᠵᠦᠪ ᠵᠦᠭ ᠵᠦᠭᠰᠢᠷᠡᠭᠦᠯᠬᠦ᠂ ᠴᠣᠬᠢᠬᠤ᠂ ᠠᠯᠠᠬᠤ﹀﹀ ᠭᠡᠰᠡᠨ ᠣᠳᠬ᠎ᠠ ᠲᠠᠢ᠃ ︿︿ᠲᠣᠪᠴᠢᠶᠠᠨ﹀﹀ ᠳᠤ ᠮᠥᠬᠦᠬᠦ ᠵᠠᠰᠠᠭᠳᠠᠬᠤ ᠭᠡᠰᠡᠨ ᠣᠳᠬ᠎ᠠ ᠪᠠᠷ ᠬᠡᠷᠡᠭᠯᠡᠪᠡ᠃ ᠡᠨᠡ ᠨᠢ ︿︿ᠡᠷᠬᠢᠨ ᠤᠯᠤᠰ ᠮᠥᠬᠦᠵᠤ ᠵᠠᠰᠠᠭᠳᠠᠨ᠂ ᠨᠠᠢᠮᠠᠨ ᠮᠡᠷᠭᠢᠳ ᠨᠢᠭᠤᠷ ᠢᠶᠠᠨ ᠪᠠᠷᠠᠵᠤ﹀﹀ ᠭᠡᠰᠡᠨ ᠦᠭᠡ ᠪᠢᠯᠡ᠃ ᠵᠦᠪ ᠡᠰᠡᠭᠦ ᠶᠢ ᠡᠷᠳᠡᠮᠳᠠᠨ ᠮᠡᠷᠭᠡᠳ᠂ ᠣᠡᠭᠰᠢᠠᠠᠴᠢ ᠨᠠᠷ ᠦᠵᠡᠵᠣ ᠵᠢᠭᠠᠨ ᠰᠣᠷᠭᠠᠬᠤ ᠪᠣᠯᠪᠠᠤ︖              ᠵᠠᠭᠦᠯᠳᠠ᠄          ﹇1﹈ ᠲᠤᠷᠤᠨᠠᠲᠢᠪ ᠤᠨ ᠰᠤᠩᠭᠤᠨ ᠲᠠᠶᠢᠯᠪᠦᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠤ P 75 ᠨᠢᠭᠤᠷ ᠤᠨ ᠲᠠᠶᠢᠯᠪᠦᠷᠢ④ ᠶᠢ ᠯᠠᠪᠯᠠᠭᠲᠤᠨ᠃ ᠥᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 1980 ᠤᠨ᠂ P 75 ᠨᠢᠭᠤᠷ᠃          ﹇2﹈ ᠮᠠᠨᠰᠠᠩ ᠤᠨ ᠰᠢᠨ᠎ᠠ ᠪᠠᠷ ᠤᠷᠴᠢᠭᠤᠯᠵᠦ ᠲᠠᠶᠢᠯᠪᠦᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠤᠨ᠂ P116 ᠨᠢᠭᠤᠷ᠃          ﹇3﹈ ᠬᠤᠸᠠᠰᠠᠢ᠂ ᠲᠤᠭᠠᠷᠵᠠᠪ ᠤᠨ ︽ᠮᠤᠩᠭᠤᠯ ᠤᠨ ᠨᠢᠭᠤᠴᠠ ᠲᠤᠪᠴᠢᠶᠠᠨ︾ ᠤ ᠬᠠᠷᠭᠤᠭᠤᠯᠤᠨ ᠭᠢᠨᠠᠭᠰᠠᠨ ᠲᠡᠪᠳᠠᠷ᠂ ᠥᠪᠦᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 1984 ᠤᠨ᠂ P 75 ᠨᠢᠭᠤᠷ᠃          ﹇4﹈ ᠪᠠᠶᠠᠷ ᠤᠨ ᠰᠡᠶᠢᠷᠡᠭᠦᠯᠥᠨ ᠪᠠᠭᠤᠯᠭᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1980 ᠤᠨ᠂ P415 ᠨᠢᠭᠤᠷ᠃          ﹇5﹈ ᠲ᠊᠂ ᠴᠡᠷᠡᠩᠰᠤᠳᠨᠠᠮ ᠤᠨ ︽ᠮᠤᠩᠭᠤᠯ ᠤᠨ ᠨᠢᠭᠤᠴᠠ ᠲᠤᠪᠴᠢᠶᠠᠨ︾ ᠤ ᠣᠷᠴᠢᠭᠤᠯᠭ᠎ᠠ ᠲᠠᠶᠢᠯᠪᠦᠷᠢ᠂ ᠦᠨᠳᠦᠰᠦᠲᠡᠨ ᠤ ᠬᠡᠪᠯᠡᠯ ᠤᠨ ᠬᠤᠷᠢᠶ᠎ᠠ᠂ 1993 ᠤᠨ᠃ P358 ᠨᠢᠭᠤᠷ ᠲᠠᠬᠢ ᠲᠠᠶᠢᠯᠪᠦᠷᠢ 207 ᠪᠠ P468 ᠨᠢᠭᠤᠷ ᠲᠠᠬᠢ ᠲᠠᠶᠢᠯᠪᠦᠷᠢ 580 ᠶᠢ ᠯᠠᠪᠯᠠᠭᠲᠤᠨ᠃          ﹇6﹈ ︽ᠯᠤ᠂ ᠠᠯᠳᠠᠨ ᠲᠤᠪᠴᠢ︾ ᠳᠠᠬᠢ ︿︿ᠤᠩᠭᠢᠩ᠂ ᠤᠩ ᠭᠢᠩ﹀﹀ ᠢ ᠯᠠᠪᠯᠠᠭᠲᠤᠨ᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1984 ᠤᠨ᠂ ᠲᠤᠰ ᠨᠤᠮ ᠤᠨ P 447 ᠨᠢᠭᠤᠷ ᠲᠠᠬᠢ ᠲᠠᠶᠢᠯᠪᠦᠷᠢ ② ᠶᠢ ᠯᠠᠪᠯᠠᠭᠲᠤᠨ᠃          ﹇7﹈ ᠰᠠᠶᠢᠰᠢᠶᠠᠯ ᠤᠨ ︿︿ᠴᠢᠩᠭᠢᠰ ᠬᠠᠭᠠᠨ ᠤ ᠲᠤᠪᠴᠢᠶᠠᠨ﹀﹀ ᠮᠥᠨ ᠴᠤ ︿︿ᠸᠠᠠᠭᠢᠨ ᠴᠢᠩᠰᠠᠩ﹀﹀ ᠢ ᠯᠠᠪᠯᠠᠭᠲᠤᠨ᠃ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1987 ᠤᠨ᠂ P 217 ᠨᠢᠭᠤᠷ᠃          ﹇8﹈ ᠮᠠᠨᠰᠠᠩ ᠤᠨ ᠰᠢᠨ᠎ᠠ ᠪᠠᠷ ᠤᠷᠴᠢᠭᠤᠯᠤᠨ ᠲᠠᠶᠢᠯᠪᠦᠷᠢᠯᠠᠭᠰᠠᠨ ︿︿ᠮᠤᠩᠭᠤᠯ ᠤᠨ ᠨᠢᠭᠤᠴᠠ ᠲᠤᠪᠴᠢᠶᠠᠨ﹀﹀᠂ P 130 ᠨᠢᠭᠤᠷ ᠲᠠᠬᠢ ᠲᠠᠶᠢᠯᠪᠦᠷᠢ 6 ᠶᠢ ᠯᠠᠪᠯᠠᠭᠲᠤᠨ᠃            ﹇9﹈ ᠮᠠᠨᠰᠠᠩ ᠤᠨ ᠰᠢᠨ᠎ᠠ ᠪᠠᠷ ᠤᠷᠴᠢᠭᠤᠯᠠᠵᠦ ᠲᠠᠶᠢᠯᠪᠦᠷᠢᠯᠠᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠤ 248— ᠵᠦᠢᠯ ᠳᠠᠬᠢ ︿ᠸᠠᠩᠭᠡᠩ ᠴᠢᠩᠰᠠᠩ﹀ ᠭᠡᠳᠡᠭ ᠤᠨ ᠲᠠᠶᠢᠯᠪᠦᠷᠢ 13 ᠶᠢ ᠯᠠᠪᠯᠠᠭᠲᠤᠨ᠃ P353 ᠨᠢᠭᠤᠷ᠃          ﹇10﹈ ᠶᠡᠭᠡᠮᠢᠩᠭᠠᠳᠠᠢ ᠢᠷᠢᠨᠴᠢᠨ ᠤ ︽ᠮᠤᠩᠭᠤᠯ ᠤᠨ ᠨᠢᠭᠤᠴᠠ ᠲᠤᠪᠴᠢᠶᠠᠨ︾ ᠤ ᠰᠡᠷᠭᠦᠭᠡᠯᠳᠠ᠂ p 98 ᠨᠢᠭᠤᠷ ᠤᠨ ︿ᠤᠩᠭᠢᠩ ᠴᠢᠩᠰᠠᠩ﹀ ᠪᠤᠯᠤᠨ ᠲᠤᠰ ᠨᠢᠭᠤᠷ ᠤᠨ ᠲᠠᠶᠢᠯᠪᠦᠷᠢ ② ᠶᠢ ᠯᠠᠪᠯᠠᠭᠲᠤᠨ᠃ p239 ᠨᠢᠭᠤᠷ ᠤᠨ ᠰᠡᠷᠭᠦᠭᠡᠯᠳᠠ ᠪᠤᠯᠤᠨ p 240 ᠨᠢᠭᠤᠷ ᠤᠨ ︿ᠤᠩᠭᠢᠩ ᠴᠢᠩᠰᠠᠩ﹀ ᠤᠨ ᠲᠠᠶᠢᠯᠪᠦᠷᠢ ① ᠶᠢ ᠯᠠᠪᠯᠠᠭᠲᠤᠨ᠃ ᠥᠪᠦᠷ ᠮᠣᠩᠭᠤᠯ ᠤᠨ ᠶᠡᠭᠡ ᠰᠤᠷᠭᠠᠭᠤᠯᠢ ᠶᠢᠨ ᠭᠡᠪᠯᠡᠯ ᠤᠨ ᠬᠤᠷᠢᠶ᠎ᠡ᠂1987 ᠤᠨ᠃          ﹇11﹈ ᠷᠠᠰᠢᠹᠤᠩᠰᠤᠭ ᠵᠤᠭᠢᠶᠠᠭᠰᠠᠨ᠂ ᠭᠥᠭᠡᠨ᠋ᠥᠨᠳᠦᠷ ᠬᠠᠷᠭᠤᠭᠤᠯᠤᠨ ᠲᠤᠯᠭᠠᠭᠰᠠᠨ ︿︿ᠪᠤᠯᠦᠷ ᠡᠷᠢᠭᠡ﹀﹀᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠤᠨ᠂ P 35 ᠨᠢᠭᠤᠷ᠃          ﹇12﹈ ︽ᠭᠢᠳᠠᠳ — ᠬᠠᠰᠠᠭ ᠲᠤᠯᠢ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1979 ᠤᠨ᠂ P1366 ᠨᠢᠭᠤᠷ ᠲᠠᠬᠢ 右 ᠶᠢ ᠯᠠᠪᠯᠠᠭᠲᠤᠨ᠃         ︽ᠭᠢᠳᠠᠳ — ᠦᠢᠭᠤᠷ ᠲᠤᠯᠢ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1974 ᠤᠨ᠂ P1035 ᠨᠢᠭᠤᠷ ᠲᠠᠬᠢ 右 ᠭᠡᠳᠡᠭ  ᠢ ᠯᠠᠪᠯᠠᠭᠲᠤᠨ᠃          ﹇13﹈ ᠪᠠᠶᠠᠨᠴᠣᠭᠲᠤ ᠶᠢᠨ ︿︿ᠨᠤᠲᠤᠭ ᠤᠨ ᠠᠶᠠᠯᠭᠤᠨ ᠤ ᠰᠢᠨᠵᠢᠯᠡᠯ﹀﹀᠂ ᠥᠪᠦᠷ ᠮᠣᠩᠭᠤᠯ ᠤᠨ ᠠᠷᠠᠳ  ᠤᠨ ᠬᠡᠪᠯᠡᠯ ᠤᠨ ᠬᠤᠷᠢᠶ᠎ᠠ᠂ ᠬᠥᠬᠡᠬᠤᠲᠠ᠂ 2007 ᠣᠨ᠂ P378 ᠨᠢᠭᠤᠷ᠃          ﹇14﹈ ︽ᠭᠢᠳᠠᠳ — ᠬᠠᠰᠠᠭ ᠲᠤᠯᠢ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1979 ᠤᠨ᠂ P 1512 ᠨᠢᠭᠤᠷ ᠲᠠᠬᠢ 左 ᠶᠢ ᠯᠠᠪᠯᠠᠭᠲᠤᠨ᠃          ﹇15﹈ ︽ᠭᠢᠳᠠᠳ — ᠬᠠᠰᠠᠭ ᠲᠤᠯᠢ︾᠂ ᠰᠢᠨᠵᠢᠶᠠᠩ ᠤᠨ ᠠᠷᠠᠳ ᠤᠨ ᠬᠡᠪᠯᠡᠯ ᠤᠨ ᠬᠤᠷᠢᠶ᠎ᠠ᠂ 1979 ᠤᠨ᠂ P 1456 ᠨᠢᠭᠤᠷ ᠲᠠᠬᠢ 治 ᠶᠢ ᠯᠠᠪᠯᠠᠭᠲᠤᠨ᠃              ※ᠬᠠᠰᠠᠭ ᠭᠡᠯᠡᠨ ᠤ ᠠᠮᠠᠨ ᠶᠠᠷᠢᠶᠠᠨ ᠳᠤ ︿ᠴ᠊﹀ ᠭᠡᠶᠢᠭᠦᠯᠦᠭᠴᠢ ᠭᠡᠯᠡᠭᠳᠡᠳᠡᠭ ᠪᠤᠯᠪᠠᠴᠤ ᠪᠢᠴᠢᠭ ᠤᠨ ᠭᠡᠯᠡᠨ  ᠳᠤ ︿ᠴ᠊ ch﹀ ᠢ ︿ᠱ᠊ sh﹀ ᠭᠡᠶᠢᠭᠦᠯᠦᠭᠴᠢ ᠪᠠᠷ ᠪᠢᠴᠢᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号