︽ᠮᠤᠩᠭᠤᠯ ᠤᠨ ᠨᠢᠭᠤᠴᠠ ᠲᠤᠪᠴᠢᠶᠠᠨ︾ ᠳᠤ ᠬᠢ ᠴᠡᠷᠢᠭ ᠤᠨ ᠶᠡᠪᠤᠳᠠᠯ ᠤᠨ ᠭᠡᠷ᠎ᠡ ᠦᠭᠡᠰ ︵ᠨᠡᠷ᠎ᠡ ᠲᠣᠮᠢᠶ᠎ᠠ︶ ᠠᠴᠠ ᠰᠣᠩᠭᠤᠨ ᠲᠠᠶᠢᠯᠪᠤᠷᠢᠯᠠᠬᠤ ᠨᠢ ⑵
ᠨᠡᠶᠢᠲᠡᠯᠡᠭᠰᠡᠨ ᠴᠠᠭ᠄
2018-08-17
               ︽ᠮᠤᠩᠭᠤᠯ ᠤᠨ ᠨᠢᠭᠤᠴᠠ ᠲᠤᠪᠴᠢᠶᠠᠨ︾ ᠳᠤ ᠬᠢ ᠴᠡᠷᠢᠭ ᠤᠨ ᠶᠡᠪᠤᠳᠠᠯ ᠤᠨ ᠭᠡᠷ᠎ᠡ                ᠦᠭᠡᠰ ︵ᠨᠡᠷ᠎ᠡ ᠲᠣᠮᠢᠶ᠎ᠠ︶ ᠠᠴᠠ ᠰᠣᠩᠭᠤᠨ ᠲᠠᠶᠢᠯᠪᠤᠷᠢᠯᠠᠬᠤ ᠨᠢ⑵      ︽ᠳᠠᠶᠢᠰᠤᠨ ᠲᠠᠢ ᠲᠠᠭᠠᠷᠢᠯᠳᠤᠬᠤ ᠪᠦᠷᠢ ᠲᠡᠳᠡᠨᠡᠷ ᠤᠭᠲᠤᠵᠤ ᠣᠴᠢᠭᠠᠳ ᠬᠦᠮᠦᠨ ᠨᠢᠭᠡᠪᠦᠷᠢ ᠳᠠᠶᠢᠰᠤᠨ ᠥᠭᠡᠳᠡ ᠭᠤᠷᠪᠠ ᠳᠥᠷᠪᠡᠨ ᠰᠤᠮᠤ ᠬᠠᠷᠪᠤᠨ᠎ᠠ᠃ ᠲᠡᠳᠡᠨᠡᠷ ᠳᠠᠶᠢᠰᠤᠨ ᠢ ᠢᠯᠠᠵᠤ ᠳᠡᠶᠢᠯᠬᠦ ᠦᠭᠡᠢ ᠪᠠᠨ ᠦᠵᠡᠵᠦ ᠭᠠᠷᠤᠭᠰᠠᠭᠠᠷ ᠳᠠᠬᠢᠭᠠᠳ ᠭᠡᠳᠡᠷᠭᠦ ᠤᠬᠤᠷᠢᠨ᠎ᠠ᠂ ᠲᠡᠳᠡᠨᠡᠷ ᠢᠩᠭᠢᠵᠦ ᠤᠬᠤᠷᠢᠵᠤ ᠪᠠᠶᠢᠭ᠎ᠠ ᠨᠢ ᠴᠣᠬᠤᠮ ᠴᠢᠮᠠᠢᠢ ᠮᠡᠬᠡᠯᠡᠵᠦ ᠪᠠᠶᠢᠭ᠎ᠠ ᠬᠡᠷᠡᠭ ᠪᠣᠯᠣᠨ᠎ᠠ᠃ ᠲᠡᠳᠡᠨᠡᠷ ᠳᠠᠶᠢᠰᠤᠨ ᠢᠶᠠᠷ ᠢᠶᠠᠨ ᠨᠡᠬᠡᠭᠦᠯᠵᠦ᠂ ᠥᠪᠡᠷᠰᠡᠳ ᠤᠨ ᠵᠠᠰᠠᠵᠤ ᠲᠠᠯᠪᠢᠭᠰᠠᠨ ᠪᠥᠭᠬᠦᠯᠲᠡ ᠳᠤ ᠪᠠᠨ ᠣᠷᠣᠵᠤ ᠣᠴᠢᠭᠤᠯᠬᠤ  ᠶᠢ ᠣᠷᠣᠯᠳᠤᠳᠠᠭ᠂ ᠬᠡᠷᠪᠡ ᠳᠠᠶᠢᠰᠤᠨ ᠪᠥᠭᠬᠦᠯᠲᠡ  ᠳᠤᠨᠢ ᠣᠷᠣᠵᠤ ᠣᠴᠢᠭᠰᠠᠭᠠᠷ ᠲᠡᠳᠡᠨᠡᠷ ᠳᠣᠣᠷ᠎ᠠ ᠨᠢ ᠪᠦᠰᠡᠯᠡᠵᠦ ᠠᠪᠤᠭᠠᠳ ᠤᠰᠠᠳᠬᠠᠵᠤ ᠣᠷᠭᠢᠳᠠᠭ ᠶᠤᠮ ᠭᠡᠭᠴᠢ ᠶᠢ ᠮᠡᠳᠡᠬᠦ ᠶᠣᠰᠣᠲᠠᠢ᠃︾ ︵︽ᠫᠯᠠᠨ ᠺᠠᠷᠫᠢᠨ᠂ ᠸᠢᠯᠢᠶᠠᠮ ᠷᠦᠪᠷᠦ᠋ᠭ ᠮᠤᠩᠭᠤᠯ ᠳᠤ ᠵᠢᠭᠤᠯᠴᠢᠯᠠᠭᠰᠠᠨ ᠲᠡᠮᠳᠡᠭᠯᠡᠯ︾᠂ ᠭᠡᠷᠡᠯᠴᠤᠭᠳᠤ ᠮᠤᠩᠭᠤᠯᠴᠢᠯᠠᠪᠠ᠂ ᠦᠪᠤᠷ ᠮᠤᠩᠭᠤᠯ ᠤᠨ ᠰᠤᠷᠭᠠᠨ ᠬᠦᠮᠦᠵᠢᠯ ᠤᠨ ᠭᠡᠪᠯᠡᠯ ᠤᠨ ᠬᠤᠷᠢᠶ᠎ᠠ᠂ 1983 ᠤᠨ᠂ P.154︶ ᠭᠡᠵᠡᠢ᠃            ︽ᠬᠠᠷᠢᠨ ᠲᠠᠲᠠᠬᠤ︾ ᠭᠡᠳᠡᠭ ᠳᠠᠶᠢᠨ ᠤ ᠠᠷᠭ᠎ᠠ ᠨᠢ ᠪᠣᠯ ᠳᠡᠶᠢᠯᠦᠭᠳᠡᠭᠰᠡᠨ ᠢᠶᠠᠷ ᠣᠪᠯᠠᠬᠤ ᠪᠤᠶᠤ ᠬᠦᠴᠦᠨ ᠮᠡᠭᠦᠰᠲᠡᠵᠦ ᠳᠡᠶᠢᠯᠵᠦ ᠦᠯᠦ ᠴᠢᠳᠠᠬᠤ ᠪᠠᠨ ᠮᠡᠳᠡᠭᠡᠳ ᠳᠤᠲᠠᠭᠠᠭᠰᠠᠨ ᠢᠶᠠᠷ ᠣᠪᠯᠠᠬᠤ ᠨᠢ ︽ᠤᠷᠪᠠ ᠲᠠᠲᠠᠬᠤ︾  ᠲᠠᠢ ᠠᠳᠠᠯᠢ ᠲᠠᠯ᠎ᠠ ᠲᠠᠢ᠃ ᠠᠳᠠᠯᠢ ᠦᠭᠡᠢ ᠲᠠᠯ᠎ᠠ ᠨᠢ ᠭᠡᠪᠡᠯ᠂ ᠶᠠᠮᠠᠷ ᠨᠢᠭᠡᠨ ᠰᠢᠯᠲᠠᠭᠠᠨ ᠠᠴᠠ ᠪᠣᠯᠵᠤ ᠳᠠᠶᠢᠨ ᠬᠢᠬᠦ  ᠪᠠᠨ ᠪᠣᠯᠢᠵᠤ ᠴᠡᠷᠢᠭ ᠢᠶᠠᠨ ᠬᠤᠷᠢᠶᠠᠭᠰᠠᠨ ᠪᠣᠯᠵᠤ᠂ ᠬᠡᠳᠦᠨ ᠬᠤᠨᠤᠭ ᠤᠨ ᠵᠠᠢ ᠶᠢᠨ ᠬᠤᠯᠠ ᠭᠠᠵᠠᠷ ᠲᠤ ᠶᠠᠪᠤᠵᠤ ᠣᠳᠣᠭᠠᠳ ᠳᠠᠶᠢᠰᠤᠨ ᠤ ᠪᠠᠨ ᠰᠡᠷᠭᠡᠶᠢᠯᠡᠯᠲᠡ ᠶᠢᠨ ᠤᠬᠠᠮᠰᠠᠷ  ᠢ ᠰᠤᠯᠠᠳᠬᠠᠵᠤ᠂ ᠳᠠᠶᠢᠰᠤᠨ  ᠤ ᠪᠠᠨ ᠰᠠᠨᠠᠭᠠᠨ ᠳᠤ ᠦᠭᠡᠢ ᠳᠤ ᠨᠢ ᠭᠡᠨᠡᠳᠲᠡ ᠪᠤᠴᠠᠨ ᠢᠷᠡᠵᠤ ᠪᠡᠯᠡᠳᠭᠡᠯ ᠠᠯᠳᠠᠭᠰᠠᠨ ᠳᠠᠶᠢᠰᠤᠨ ᠢᠶᠠᠨ ᠳᠠᠷᠤᠬᠤ ᠶᠢ ᠬᠡᠯᠡᠳᠡᠭ ᠶᠤᠮ ᠪᠠᠶᠢᠨ᠎ᠠ᠃ ᠲᠤᠬᠠᠶᠢᠯᠠᠪᠠᠯ᠂ ᠥᠪᠡᠷ  ᠢᠶᠠᠨ ︽ᠬᠠᠷᠢᠵᠤ︾᠂ ︽ᠵᠢᠷᠭᠤᠭᠠᠨ ᠬᠤᠨᠤᠭ ᠭᠠᠵᠠᠷ᠎ᠠ ᠬᠦᠷᠴᠦ︾᠂ ᠳᠠᠶᠢᠰᠤᠨ ᠢᠶᠠᠨ ︽ᠬᠡᠨᠡᠳᠬᠡᠵᠦ︾᠂ ᠥᠪᠡᠷ  ᠢᠶᠠᠨ ᠳᠠᠬᠢᠨ ︽ᠬᠠᠷᠢᠵᠤ︾᠂ ︽ᠭᠡᠨᠡᠳ ᠪᠥᠬᠦᠢ ᠳᠤᠷ ᠬᠦᠷᠴᠦ︾᠂ ︽ᠬᠤᠲᠠ ᠪᠠᠯᠭᠠᠰᠤ ᠶᠢ ᠠᠪᠬᠤ︾ ᠨᠢ ᠡᠨᠡ ᠳᠠᠶᠢᠨ ᠤ ᠠᠷᠭ᠎ᠠ ᠶᠢᠨ ᠣᠨᠴᠠᠯᠢᠭ ᠪᠣᠯᠣᠨ᠎ᠠ᠃ ᠡᠨᠡ ᠳᠠᠶᠢᠨ ᠤ ᠠᠷᠭ᠎ᠠ ᠶᠢᠨ ᠲᠤᠬᠠᠢ ᠫᠯᠠᠨ ᠺᠠᠷᠫᠢᠨ ᠤ ᠲᠣᠳᠣᠷᠬᠠᠢ ᠲᠡᠮᠳᠡᠭᠯᠡᠯ ᠴᠤ ᠪᠠᠶᠢᠳᠠᠭ᠃            ︽ᠬᠡᠷᠪᠡ ᠲᠡᠳᠡᠨᠡᠷ ᠢᠩᠭᠢᠭᠡᠳ ᠪᠠᠰᠠ ᠲᠤᠰᠠ ᠪᠣᠯᠬᠤ ᠦᠭᠡᠢ ᠪᠠᠨ ᠣᠯᠵᠤ ᠮᠡᠳᠡᠭᠰᠡᠭᠡᠷ ᠠᠷᠪᠠ ᠠᠴᠠ ᠠᠷᠪᠠᠨ ᠬᠤᠶᠠᠷ ᠬᠤᠨᠤᠭ  ᠤᠨ ᠭᠠᠵᠠᠷ ᠤᠬᠤᠷᠢᠵᠤ ᠣᠳᠣᠨ᠎ᠠ᠃ ᠵᠠᠷᠢᠮ ᠳᠠᠭᠠᠨ ᠲᠡᠳᠡᠨᠠᠷ ᠠᠶᠤᠯ ᠦᠭᠡᠢ ᠭᠠᠵᠠᠷ ᠤᠴᠢᠵᠤ ᠪᠠᠭᠤᠳᠠᠯᠯᠠᠭᠠᠳ ᠲᠠᠬᠢᠨ ᠬᠦᠳᠡᠯᠬᠦ ᠲᠤᠬᠢᠶᠠᠯ ᠢ ᠬᠠᠷᠠᠬᠤ ᠪᠦᠭᠡᠳ ᠲᠠᠶᠢᠰᠤᠨ ᠤ ᠴᠡᠷᠢᠭ ᠪᠤᠳᠠᠷᠠᠨ ᠲᠠᠷᠬᠠᠵᠤ ᠡᠬᠢᠯᠡᠭᠰᠡᠭᠡᠷ ᠲᠡᠳᠡᠨᠠᠷ ᠲᠠᠷᠤᠢ ᠰᠡᠮᠡᠭᠡᠨ ᠬᠦᠷᠴᠤ ᠢᠷᠡᠭᠡᠳ᠂ ᠪᠦᠬᠦ ᠨᠤᠳᠤᠭ ᠢ ᠪᠤᠰᠠᠨᠢᠭᠤᠯᠵᠤ ᠤᠷᠬᠢᠳᠠᠭ ᠶᠤᠮ︾ ︵ᠮᠦᠨ ᠳᠡᠭᠡᠷᠡᠬᠢ ᠨᠣᠮ᠂ P.154︶ ᠭᠡᠵᠡᠢ᠃            ᠡᠨᠡ ᠬᠤᠶᠠᠷ ᠳᠠᠶᠢᠨ ᠤ ᠠᠷᠭ᠎ᠠ ᠪᠣᠯ ᠪᠥᠷ ᠮᠣᠷᠢᠨ ᠤ ᠬᠤᠷᠳᠤᠴᠠ ᠶᠢᠨ ᠳᠠᠪᠠᠭᠤᠯᠢᠭ ᠢ ᠠᠰᠢᠭᠯᠠᠭᠰᠠᠨ᠂ ᠮᠣᠷᠢᠲᠤ ᠴᠡᠷᠢᠭ ᠤᠨ ᠳᠠᠪᠠᠭᠤᠯᠢᠭ ᠢ ᠠᠰᠢᠭᠯᠠᠭᠰᠠᠨ ᠮᠡᠷᠭᠡᠨ ᠠᠷᠭ᠎ᠠ ᠪᠣᠯᠣᠨ᠎ᠠ᠃              ᠬᠤᠶᠠᠷ᠂ ᠴᠡᠷᠢᠭ ᠪᠠᠭᠤᠵᠤ ᠴᠡᠷᠢᠭ ᠬᠤᠨᠣᠬᠤ ᠵᠠᠩ ᠦᠢᠯᠡ ᠲᠠᠢ ᠬᠤᠯᠪᠤᠭᠳᠠᠭᠰᠠᠨ ᠭᠡᠷ᠎ᠡ ᠦᠭᠡᠰ ᠠᠴᠠ ᠰᠣᠩᠭᠤᠨ ᠲᠠᠶᠢᠯᠪᠤᠷᠢᠯᠠᠬᠤ ᠨᠢ              ᠴᠡᠷᠢᠭ ᠤᠨ ᠶᠠᠪᠤᠳᠠᠯ᠂ ᠳᠠᠶᠢᠨ ᠤ ᠶᠠᠪᠤᠴᠠ ᠵᠡᠷᠭᠡ ᠳᠤ ᠮᠠᠰᠢ ᠣᠯᠠᠨ ᠠᠭᠤᠯᠭ᠎ᠠ ᠬᠤᠯᠪᠤᠭᠳᠠᠳᠠᠭ ᠶᠤᠮ᠃ ᠭᠠᠭᠴᠠ ᠤᠳᠠᠭᠠᠨ ᠤ ᠳᠠᠶᠢᠨ ᠢᠶᠠᠷ ᠵᠢᠱᠢᠶᠡᠯᠡᠬᠦ ᠳᠤ᠂ ᠳᠠᠶᠢᠨ ᠡᠭᠦᠰᠦᠭᠰᠡᠨ ᠰᠢᠯᠲᠠᠭᠠᠨ᠂ ᠳᠠᠶᠢᠨ ᠤ ᠪᠡᠯᠡᠳᠭᠡᠯ᠂ ᠳᠠᠶᠢᠨ ᠤ ᠲᠥᠯᠥᠪᠯᠡᠭᠡ᠂ ᠳᠠᠶᠢᠨ ᠤ ᠳᠠᠭᠠᠷᠢᠯᠲᠠ᠂ ᠳᠠᠶᠢᠨ ᠤ ᠬᠤᠷᠢᠭᠯᠠᠯᠲᠠ᠂ ᠳᠠᠶᠢᠨ ᠤ ᠰᠡᠷᠭᠡᠶᠢᠯᠡᠯᠲᠡ᠂ ᠳᠠᠶᠢᠨ ᠤ ᠲᠡᠭᠦᠰᠦᠯ ᠁ ᠵᠡᠷᠭᠡ ᠠᠭᠤᠯᠭ᠎ᠠ ᠵᠠᠶᠢᠯᠠᠰᠢ ᠦᠭᠡᠢ ᠬᠤᠯᠪᠤᠭᠳᠠᠳᠠᠭ᠃ ᠡᠭᠦᠨ ᠳᠤ ᠳᠠᠶᠢᠨ ᠤ ᠰᠡᠷᠭᠡᠶᠢᠯᠡᠯᠲᠡ ᠪᠣᠯ ᠥᠪᠡᠷ ᠤᠨ ᠬᠦᠴᠦ ᠪᠠᠨ ᠬᠠᠮᠠᠭᠠᠯᠠᠵᠤ ᠳᠠᠶᠢᠰᠤᠨ ᠢᠶᠠᠨ ᠢᠯᠠᠬᠤ  ᠶᠢᠨ ᠴᠢᠬᠤᠯᠠ ᠭᠤᠭᠴᠤᠭ᠎ᠠ ᠶᠤᠮ᠃ ︽ᠮᠤᠩᠭᠤᠯ ᠤᠨ ᠨᠢᠭᠤᠴᠠ ᠲᠤᠪᠴᠢᠶᠠᠨ︾ ᠳᠤ ᠳᠠᠶᠢᠨ ᠤ ᠰᠡᠷᠭᠡᠶᠢᠯᠡᠯᠲᠡ ᠶᠢᠨ ᠠᠭᠤᠯᠭ᠎ᠠ ᠡᠳᠦᠢ ᠲᠡᠳᠦᠢ ᠲᠡᠮᠳᠡᠭᠯᠡᠭᠳᠡᠭᠰᠡᠨ ᠤ ᠳᠣᠲᠣᠷ᠎ᠠ ᠴᠡᠷᠢᠭ ᠬᠤᠨᠣᠬᠤ ᠲᠠᠢ ᠬᠤᠯᠪᠤᠭ᠎ᠠ ᠲᠠᠢ ᠵᠦᠢᠯ ᠮᠠᠰᠢ ᠣᠨᠴᠠᠯᠢᠭ ᠲᠠᠢ ᠲᠡᠮᠳᠡᠭᠯᠡᠭᠳᠡᠵᠡᠢ᠃ ︽ᠪᠠᠶᠢᠵᠤ ᠬᠤᠨᠣᠬᠤ︾᠂ ︽ᠵᠡᠷᠭᠡ ᠪᠠᠷ ᠬᠤᠨᠣᠬᠤ︾ ᠭᠡᠳᠡᠭ ᠪᠣᠯ ᠴᠡᠷᠢᠭ ᠬᠤᠨᠣᠬᠤ ᠦᠶ᠎ᠡ ᠶᠢᠨ ᠰᠡᠷᠭᠡᠶᠢᠯᠡᠯᠲᠡ ᠶᠢᠨ ᠴᠢᠬᠤᠯᠠ ᠭᠡᠷ᠎ᠡ ᠦᠭᠡ ᠶᠤᠮ᠃              ᠪᠠᠶᠢᠵᠤ ᠬᠤᠨᠣᠬᠤ ︽ᠪᠠᠶᠢᠵᠤ ᠬᠤᠨᠣᠬᠤ︾ ᠭᠡᠳᠡᠭ ᠦᠭᠡ ᠴᠢᠩᠭᠢᠰ ᠬᠠᠭᠠᠨ ᠪᠠ ᠣᠩ ᠬᠠᠨ ᠤ ᠬᠤᠭᠤᠷᠣᠨᠳᠣ ᠪᠣᠯᠣᠭᠰᠠᠨ ᠲᠣᠮᠣ ᠳᠠᠶᠢᠨ — ︽ᠬᠠᠯᠠᠭᠠᠯᠵᠢᠳ  ᠤᠨ ᠳᠠᠶᠢᠨ︾ ᠳᠤ ᠬᠤᠯᠪᠤᠭᠳᠠᠨ ᠭᠠᠷᠳᠠᠭ᠃ ᠣᠩ ᠬᠠᠨ ᠤ ᠶᠡᠭᠡ ᠴᠡᠷᠢᠭ ᠤᠨ ᠭᠡᠨᠡᠳᠲᠡ ᠶᠢᠨ ᠳᠠᠭᠠᠷᠢᠯᠲᠠ ᠠᠴᠠ ᠪᠥᠬᠦᠯᠢ ᠰᠥᠨᠢ ᠪᠥᠬᠦᠯᠢ ᠡᠳᠦᠷ ᠢᠶᠠᠷ ᠳᠤᠲᠠᠭᠠᠭᠰᠠᠨ ᠴᠤ ᠡᠴᠦᠰ ᠲᠤ ᠪᠠᠨ ᠬᠠᠯᠠᠭᠠᠯᠵᠢᠳ ᠡᠯᠡᠳ ᠭᠡᠬᠦ ᠭᠠᠵᠠᠷ ᠲᠤ ᠭᠦᠢᠴᠡᠭᠳᠡᠵᠦ᠂ ᠠᠶᠤᠮᠰᠢᠭᠲᠠᠢ ᠬᠠᠳᠬᠤᠯᠳᠤᠭᠠᠨ ᠢ ᠳᠥᠩᠭᠡᠵᠢ ᠲᠡᠰᠴᠦ ᠲᠤᠭᠤᠯᠤᠭᠠᠳ ᠴᠢᠩᠭᠢᠰ ᠬᠠᠭᠠᠨ ᠤ ᠴᠡᠷᠢᠭ ᠨᠢᠭᠡ ᠰᠥᠨᠢ ᠶᠢ ᠥᠩᠭᠡᠷᠡᠭᠦᠯᠦᠭᠰᠡᠨ ᠢ ︽ᠮᠤᠩᠭᠤᠯ ᠤᠨ ᠨᠢᠭᠤᠴᠠ ᠲᠤᠪᠴᠢᠶᠠᠨ︾ ᠳᠤ ︽ᠪᠠᠶᠢᠵᠤ ᠬᠤᠨᠣᠵᠣ︾ ᠭᠡᠵᠦ ᠲᠡᠮᠳᠡᠭᠯᠡᠭᠰᠡᠨ ᠪᠠᠶᠢᠨ᠎ᠠ᠃            ︽ᠪᠠᠶᠢᠵᠤ ᠬᠤᠨᠤᠵᠤ ᠦᠳᠦᠷ ᠬᠡᠶᠢᠬᠦᠯᠦᠨ ᠪᠦᠬᠦᠳᠬᠡᠪᠡᠰᠦ ᠦᠬᠦᠳᠡᠢ᠂ ᠪᠤᠷᠤᠬᠤᠯ᠂ ᠪᠤᠭᠤᠷᠴᠦ ᠭᠤᠷᠪᠠᠨ ᠦᠬᠡᠢ ᠠᠵᠤᠭᠤ᠃ ᠴᠢᠩᠬᠢᠰ ᠬᠠᠭᠠᠨ ᠦᠬᠦᠯᠡᠷᠦᠨ᠄ ︿ᠦᠬᠦᠳᠡᠢ ᠯᠦᠭᠡ ᠢᠳᠡᠬᠡᠯᠳᠡᠨ ᠪᠤᠭᠤᠷᠴᠦ᠂ ᠪᠤᠷᠤᠬᠤᠯ ᠬᠤᠶᠠᠷ ᠬᠤᠴᠤᠷᠴᠤᠭᠤ᠃ ᠠᠵᠤ ᠪᠠᠷ᠂ ᠦᠬᠦᠵᠦ ᠪᠠᠷ ᠶᠠᠭᠤ ᠬᠠᠭᠠᠴᠠᠬᠤᠨ ᠲᠡᠳᠡ︖﹀ ᠬᠡᠮᠡᠪᠡ᠃ ᠪᠢᠳᠡᠨ ᠤ  ᠬᠢ ᠰᠦᠨᠢᠳᠡ ᠠᠭᠳᠠᠰ ᠢᠶᠠᠨ ᠪᠠᠷᠢᠵᠤ ᠬᠤᠨᠤᠵᠤ᠂ ᠴᠢᠩᠬᠢᠰ ᠬᠠᠭᠠᠨ ᠦᠬᠦᠯᠡᠷᠦᠨ᠄ ︿ᠬᠤᠶᠢᠨ᠎ᠠ ᠠᠴᠠ ᠪᠢᠳᠡᠨ ᠤ ᠨᠡᠬᠡᠵᠦ ᠢᠷᠡᠪᠡᠰᠦ ᠬᠠᠳᠬᠤᠯᠳᠤᠶ᠎ᠠ﹀ ᠬᠡᠮᠡᠨ ᠵᠠᠰᠠᠵᠤ ᠪᠠᠶᠢᠪᠠᠢ᠃︾ ︵172︶ ᠭᠡᠵᠦ ᠪᠤᠢ᠃            ᠣᠳᠣ ᠦᠶ᠎ᠡ ᠶᠢᠨ ᠮᠣᠩᠭᠤᠯ ᠬᠡᠯᠡᠨ ᠤ ᠬᠢ ᠲᠠᠢ ᠣᠳᠬ᠎ᠠ ᠨᠢ ᠣᠨᠳᠣᠣ ᠪᠠᠶᠢᠭᠰᠠᠨ ᠳᠣᠮᠳᠠᠳᠤ ᠡᠷᠲᠡᠨ ᠤ ᠮᠣᠩᠭᠤᠯ ᠬᠡᠯᠡᠨ ᠳᠤ ᠬᠢ ᠦᠭᠡ ᠶᠢᠨ ᠨᠢᠭᠡ ᠪᠣᠯ ︽ᠪᠠᠶᠢ᠊ —︾ ᠭᠡᠬᠦ ᠦᠢᠯᠡ ᠦᠭᠡ ᠶᠤᠮ᠃ ︽ᠪᠠᠶᠢ᠊ —︾ ᠭᠡᠬᠦ ᠦᠢᠯᠡ ᠦᠭᠡ ᠣᠳᠣ ᠦᠶ᠎ᠡ ᠶᠢᠨ ᠮᠣᠩᠭᠤᠯ ᠬᠡᠯᠡᠨ ᠳᠤ ︽ᠣᠷᠣᠰᠢᠬᠤ︾ ᠭᠡᠬᠦ ᠤᠳᠬ᠎ᠠ ᠶᠢ ᠵᠢᠭᠠᠳᠠᠭ ᠪᠣᠯᠣᠭᠰᠠᠨ ᠪᠤᠶᠤ ᠬᠡᠶᠢᠰᠪᠦᠷᠢᠵᠢᠭᠡᠳ ᠲᠤᠰᠠᠯᠠᠬᠤ ᠦᠢᠯᠡ ᠦᠭᠡ ᠪᠣᠯᠣᠭᠰᠠᠨ ᠪᠠᠶᠢᠬᠤ ᠳᠤ᠂ ᠳᠣᠮᠳᠠᠳᠤ ᠡᠷᠲᠡᠨ ᠤ ᠮᠣᠩᠭᠤᠯ ᠬᠡᠯᠡᠨ ᠳᠤ ᠪᠣᠯ ︽ᠣᠷᠣᠰᠢᠬᠤ︾ ᠭᠡᠬᠦ ᠤᠳᠬ᠎ᠠ ᠶᠢ ᠢᠯᠡᠳᠭᠡᠳᠡᠭ ᠪᠢᠰᠢ᠂ ᠬᠠᠷᠢᠨ ︽ᠰᠠᠭᠤ᠋ —︾᠂ ︽ᠶᠠᠪᠤ — ︾ ᠭᠡᠬᠦ ᠦᠢᠯᠡ ᠦᠭᠡ ᠲᠠᠢ ᠡᠰᠡᠷᠭᠦ ᠤᠳᠬ᠎ᠠ ᠲᠠᠢ ᠡᠰᠡᠷᠭᠦᠴᠡᠯᠳᠦᠭᠰᠡᠨ ︽ᠵᠣᠭᠰᠤ᠋ —︾ ᠭᠡᠬᠦ ᠤᠳᠬ᠎ᠠ ᠲᠠᠢ ᠪᠠᠶᠢᠭᠰᠠᠨ ᠠᠵᠠᠢ᠃ ︽ᠮᠤᠩᠭᠤᠯ ᠤᠨ ᠨᠢᠭᠤᠴᠠ ᠲᠤᠪᠴᠢᠶᠠᠨ︾ ᠤ ᠬᠢᠲᠠᠳ ᠭᠠᠯᠢᠭᠯᠠᠯ ᠤᠨ ᠬᠠᠵᠠᠭᠤ ᠶᠢᠨ ᠣᠷᠴᠢᠭᠤᠯᠭ᠎ᠠ ᠨᠢ ︽立︾ ᠭᠡᠵᠦ ᠪᠠᠶᠢᠨ᠎ᠠ᠃ ᠳᠣᠮᠳᠠᠳᠤ ᠡᠷᠲᠡᠨ ᠤ ᠮᠣᠩᠭᠤᠯ ᠬᠡᠯᠡᠨ ᠳᠤ ︽ᠣᠷᠣᠰᠢᠬᠤ︾ ᠭᠡᠬᠦ ᠤᠳᠬ᠎ᠠ ᠶᠢ ︽ᠠ᠊ —︾᠂ ︽ᠪᠦ᠊ —︾ ᠭᠡᠬᠦ ᠬᠤᠶᠠᠷ ᠦᠢᠯᠡ ᠦᠭᠡ ᠢᠯᠡᠳᠭᠡᠳᠡᠭ ᠪᠠᠶᠢᠵᠠᠢ᠃            ︽ᠮᠤᠩᠭᠤᠯ ᠤᠨ ᠨᠢᠭᠤᠴᠠ ᠲᠤᠪᠴᠢᠶᠠᠨ︾ ᠤ 172 ᠳᠤ ᠬᠢ ︽ᠪᠠᠶᠢᠵᠤ ᠬᠤᠨᠤᠵᠤ︾ ᠭᠡᠳᠡᠭ ᠪᠣᠯ ᠣᠩ ᠬᠠᠨ ᠤ ᠶᠡᠭᠡ ᠴᠡᠷᠢᠭ ᠤᠨ ᠭᠡᠨᠡᠳᠡᠭᠦᠯᠦᠨ ᠳᠠᠭᠠᠷᠢᠭᠰᠠᠨ ᠲᠦᠭᠰᠢᠭᠦᠷᠢᠲᠠᠢ ᠳᠠᠶᠢᠨ ᠳᠤ ᠴᠢᠩᠭᠢᠰ ᠤᠨ ᠴᠡᠷᠢᠭ ᠤᠰᠠᠳᠬᠠᠭᠳᠠᠬᠤ ᠠᠶᠤᠯ ᠠᠴᠠ ᠰᠡᠷᠭᠡᠶᠢᠯᠡᠵᠦ ᠰᠥᠨᠢ ᠲᠤᠵᠢ ᠵᠣᠭᠰᠤᠭ᠎ᠠ ᠪᠠᠷ ᠢᠶᠠᠨ ᠬᠤᠨᠤᠭᠰᠠᠨ ᠢ ᠬᠡᠯᠡᠭᠰᠡᠨ ᠪᠠᠶᠢᠭ᠎ᠠ ᠶᠤᠮ᠃ ᠡᠨᠡ ᠪᠣᠯ ᠠᠶᠤᠮᠰᠢᠭᠲᠠᠢ ᠳᠠᠶᠢᠨ ᠤ ᠦᠶ᠎ᠡ ᠳᠤ ᠭᠡᠨᠡᠳᠲᠡ ᠶᠢᠨ ᠳᠠᠭᠠᠷᠢᠯᠲᠠ ᠠᠴᠠ ᠰᠡᠷᠭᠡᠶᠢᠯᠡᠨ᠂ ᠴᠡᠷᠢᠭ ᠤᠳ ᠵᠢᠭᠰᠠᠭᠠᠯ ᠤᠨ ᠪᠠᠶᠢᠷᠢ ᠳᠤ ᠪᠠᠨ ᠮᠣᠷᠢᠳ ᠢᠶᠠᠨ ᠪᠠᠷᠢᠵᠤ ᠵᠣᠭᠰᠤᠭᠰᠠᠨ ᠲᠡᠷᠡ ᠴᠢᠭ ᠢᠶᠠᠷ ᠢᠶᠠᠨ ᠪᠤᠶᠤ ᠮᠣᠷᠢᠨ ᠳᠤ ᠪᠠᠨ ᠮᠣᠷᠳᠠᠵᠤ ᠵᠣᠭᠰᠤᠭᠰᠠᠨ ᠲᠡᠷᠡ ᠴᠢᠭ ᠢᠶᠠᠷ ᠢᠶᠠᠨ ᠰᠥᠨᠢ ᠶᠢ ᠥᠩᠭᠡᠷᠡᠭᠦᠯᠦᠨ ᠬᠤᠨᠣᠬᠤ ᠶᠢ ᠵᠢᠭᠠᠭᠰᠠᠨ ᠴᠡᠷᠢᠭ ᠬᠤᠨᠣᠬᠤ ᠵᠠᠩ ᠦᠢᠯᠡ ᠶᠢᠨ ᠭᠡᠷ᠎ᠡ ᠦᠭᠡ ᠪᠠᠶᠢᠭ᠎ᠠ ᠶᠤᠮ᠃ ᠮᠦᠨ ᠡᠨᠡ ᠵᠦᠢᠯ  ᠤᠨ ᠪᠥᠬᠦᠢ ᠯᠡ ᠲᠡᠮᠳᠡᠭᠯᠡᠯ ᠠᠴᠠ ᠦᠵᠡᠪᠡᠯ᠂ ︽ᠪᠠᠶᠢᠵᠤ ᠬᠤᠨᠤᠵᠤ︾ ᠨᠢ ᠮᠣᠷᠢᠳ ᠢᠶᠠᠨ ᠪᠠᠷᠢᠵᠤ ᠵᠣᠭᠰᠤᠭᠰᠠᠨ ᠲᠡᠷᠡ ᠴᠢᠭ  ᠢᠶᠠᠷ ᠢᠶᠠᠨ ᠬᠤᠨᠤᠭᠰᠠᠨ ᠭᠡᠳᠡᠭ ᠨᠢ ᠲᠣᠳᠣᠷᠬᠠᠶᠢᠯᠠᠭᠳᠠᠵᠤ ᠪᠠᠶᠢᠨ᠎ᠠ᠃ ︽ᠪᠢᠳᠡᠨ ᠤ ᠬᠢ ᠰᠦᠨᠢᠳᠡ ᠠᠭᠳᠠᠰ ᠢᠶᠠᠨ ᠪᠠᠷᠢᠵᠤ ᠬᠤᠨᠤᠵᠤ︾ ᠭᠡᠵᠦ ᠯᠠᠪᠰᠢᠷᠠᠭᠤᠯᠤᠨ ᠲᠣᠳᠣᠷᠬᠠᠶᠢᠯᠠᠵᠤ ᠪᠠᠶᠢᠨ᠎ᠠ᠃ ︽ᠵᠠᠰᠠᠵᠤ ᠪᠠᠶᠢᠪᠠᠢ︾ ᠭᠡᠳᠡᠭ ᠨᠢ ᠴᠤ ᠴᠡᠷᠢᠭ ᠢᠶᠠᠨ ᠵᠢᠭᠰᠠᠭᠠᠭᠰᠠᠨ ᠲᠡᠷᠡ ᠴᠢᠭ ᠢᠶᠠᠷ ᠨᠢ ᠵᠣᠭᠰᠤᠭᠠᠵᠤ ᠪᠠᠶᠢᠯ᠎ᠠ ᠭᠡᠳᠡᠭ ᠢ ᠢᠯᠡᠷᠬᠡᠶᠢᠯᠡᠵᠤ ᠪᠤᠢ ᠶᠤᠮ᠃            ᠶᠡᠭᠡ ᠵᠢᠭᠤᠯᠴᠢᠨ ᠮᠠᠷᠺᠤ ᠫᠣᠯᠣ ᠡᠨᠡ ︽ᠪᠠᠶᠢᠵᠤ ᠬᠤᠨᠣᠬᠤ︾ ᠶᠣᠰᠣ᠂ ︽ᠪᠠᠶᠢᠵᠤ ᠬᠤᠨᠣᠬᠤ︾ ᠴᠡᠷᠢᠭ ᠤᠨ ᠪᠣᠯᠪᠠᠰᠤᠷᠠᠯ ᠳᠠᠳᠤᠯᠭ᠎ᠠ ᠶᠢᠨ ᠲᠤᠬᠠᠢ ᠮᠠᠰᠢ ᠰᠣᠨᠢᠷᠬᠠᠯᠲᠠᠢ ᠲᠡᠮᠳᠡᠭᠯᠡᠯ  ᠢ ᠴᠤ ᠦᠯᠡᠳᠡᠭᠡᠭᠰᠡᠨ ᠪᠠᠶᠢᠭ᠎ᠠ ᠶᠤᠮ᠄            ︽ᠡᠷ᠎ᠡ ᠬᠦᠮᠦᠨ ᠤ ᠰᠤᠷᠭᠠᠯ ᠬᠢᠬᠦ ᠢᠨᠤ ᠮᠣᠷᠢᠨ ᠤ ᠨᠢᠷᠤᠭᠤᠨ ᠳᠡᠭᠡᠷ᠎ᠡ ᠠᠴᠠ ᠬᠤᠶᠠᠷ ᠰᠥᠨᠢ ᠬᠤᠶᠠᠷ ᠡᠳᠦᠷ ᠪᠠᠭᠤᠬᠤ ᠦᠭᠡᠢ᠂ ᠮᠣᠷᠢ ᠠᠨᠤ ᠡᠪᠡᠰᠦ ᠢᠳᠡᠬᠦ ᠦᠶᠡᠰ ᠲᠤ ᠳᠠᠷᠤᠢ ᠮᠣᠷᠢᠨ ᠳᠡᠭᠡᠷ᠎ᠡ ᠪᠠᠨ ᠤᠨᠲᠠᠵᠤ ᠪᠣᠯᠪᠠᠰᠤᠷᠠᠮᠤᠢ᠃ ᠶᠢᠷᠲᠢᠨᠴᠦ ᠳᠡᠭᠡᠷ᠎ᠡ ᠶᠠᠮᠠᠷ ᠨᠢᠭᠡᠨ ᠤᠭᠰᠠᠭᠠᠲᠠᠨ ᠳᠤᠷ ᠪᠣᠯᠪᠠᠴᠤ ᠪᠡᠷᠬᠡ ᠵᠦᠳᠡᠭᠦᠷᠢ ᠳᠤᠲᠤᠷ᠎ᠠ ᠲᠡᠳᠡᠨ ᠠᠳᠠᠯᠢ ᠴᠢᠩᠭ᠎ᠠ ᠬᠠᠲᠠᠭᠤ ᠪᠦᠭᠡᠳ ᠦᠯᠦ ᠬᠦᠷᠦᠯᠴᠡᠬᠦ  ᠶᠢᠨ ᠳᠣᠲᠤᠷ᠎ᠠ ᠬᠦᠯᠢᠴᠡᠨ ᠴᠢᠳᠠᠬᠤ ᠶᠢ ᠭᠠᠷᠭᠠᠵᠤ ᠴᠢᠳᠠᠬᠤ ᠠᠨᠤ ᠦᠨᠡᠬᠡᠷ ᠨᠢᠭᠡᠨ ᠴᠣ᠋ ᠦᠭᠡᠢ ᠪᠤᠢ᠃︾ ︵︽ᠮᠠᠷᠺᠤ ᠫᠣᠯᠣ ᠶᠢᠨ ᠠᠶᠠᠯᠠᠯ ᠤᠨ ᠲᠡᠮᠳᠡᠭᠯᠡᠯ︾᠂ ᠭᠢᠷᠢᠨ ᠤ ᠠᠷᠠᠳ ᠤᠨ ᠬᠡᠪᠯᠡᠯ ᠤᠨ ᠬᠤᠷᠢᠶ᠎ᠠ᠂ 1977 ᠣᠨ᠂ p.218-219︶ ᠭᠡᠵᠦ ᠪᠠᠶᠢᠨ᠎ᠠ᠃              ᠵᠡᠷᠭᠡ ᠪᠠᠷ ᠬᠤᠨᠣᠬᠤ ︽ᠵᠡᠷᠭᠡ ᠪᠠᠷ ᠬᠤᠨᠣᠬᠤ︾ ᠭᠡᠳᠡᠭ ᠦᠭᠡ ︽ᠮᠤᠩᠭᠤᠯ ᠤᠨ ᠨᠢᠭᠤᠴᠠ ᠲᠤᠪᠴᠢᠶᠠᠨ︾ ᠤ 159 ᠳᠤ᠂ ᠴᠢᠩᠭᠢᠰ ᠬᠠᠭᠠᠨ᠂ ᠣᠩ ᠬᠠᠨ ᠬᠤᠶᠠᠷ ᠬᠤᠯᠪᠤᠭᠠᠯᠠᠨ ᠬᠦᠴᠦᠭᠦᠳ ᠨᠠᠢᠮᠠᠨ ᠤ ᠪᠣᠶᠢᠷᠤᠭ ᠬᠠᠨ ᠢ ᠮᠣᠬᠤᠳᠬᠠᠵᠤ ᠪᠤᠴᠠᠬᠤ ᠵᠠᠮ ᠳᠤ ᠨᠢ ᠨᠠᠢᠮᠠᠨ ᠤ ᠬᠥᠭᠰᠡᠭᠦᠦ ᠰᠠᠪᠷᠠᠭ ᠪᠡᠷᠬᠡ ᠵᠠᠮ  ᠢ ᠲᠣᠰᠴᠤ ᠬᠠᠳᠬᠤᠯᠳᠤᠬᠤ ᠪᠠᠷ ᠪᠡᠯᠡᠳᠭᠡᠵᠦ ᠪᠠᠶᠢᠭᠰᠠᠨ ᠲᠠᠢ ᠲᠠᠭᠠᠷᠢᠯᠳᠤᠵᠤ᠂ ᠴᠢᠩᠭᠢᠰ ᠬᠠᠭᠠᠨ᠂ ᠣᠩ ᠬᠠᠨ ᠬᠤᠶᠠᠷ ᠤᠨ ᠴᠡᠷᠢᠭ ᠰᠥᠨᠢ ᠶᠢ ᠦᠩᠭᠡᠷᠡᠭᠦᠯᠦᠭᠰᠡᠨ ᠲᠤᠬᠠᠢ ᠲᠡᠮᠳᠡᠭᠯᠡᠯ ᠳᠤ ᠭᠠᠷᠳᠠᠭ᠃            ︽ᠲᠡᠨᠳᠡᠴᠡ ᠴᠢᠩᠬᠢᠰ ᠬᠠᠭᠠᠨ᠂ ᠤᠩ ᠬᠠᠨ ᠬᠤᠶᠠᠷ ᠬᠠᠷᠢᠵᠤ ᠠᠶᠢᠰᠤᠬᠤᠢ ᠳᠤᠷ᠂ ᠨᠠᠢᠮᠠᠨ ᠤ ᠬᠠᠳᠬᠤᠯᠳᠤᠭᠴᠢ ᠬᠦᠭᠰᠡᠬᠦ ᠰᠠᠪᠷᠠᠭ ᠪᠠᠶᠢᠳᠠᠷᠠᠭ ᠪᠠᠯᠴᠢᠷ᠎ᠠ ᠴᠡᠷᠢᠭ ᠵᠠᠰᠠᠵᠤ ᠬᠠᠳᠬᠤᠯᠳᠤᠬᠤ ᠪᠤᠯᠤᠨ ᠠᠵᠤᠭᠤ᠃ ᠴᠢᠩᠬᠢᠰ ᠬᠠᠭᠠᠨ᠂ ᠤᠩ ᠬᠠᠨ ᠬᠤᠶᠠᠷ ᠬᠠᠳᠬᠤᠯᠳᠤᠶ᠎ᠠ ᠬᠡᠮᠡᠨ ᠴᠡᠷᠢᠭ ᠵᠠᠰᠠᠵᠤ ᠬᠦᠷᠴᠦ᠂ ᠵᠢᠯᠳᠠ ᠪᠤᠯᠳᠠᠵᠤ ᠮᠠᠨᠠᠭᠠᠷᠤ ᠬᠠᠳᠬᠤᠯᠳᠤᠶ᠎ᠠ ᠬᠡᠮᠡᠨ ᠵᠡᠷᠭᠡ ᠪᠠᠷ ᠬᠤᠨᠤᠪᠠᠢ᠃︾ ︵159︶ ᠭᠡᠵᠦ ᠪᠤᠢ᠃            ︽ᠵᠡᠷᠭᠡ ᠪᠠᠷ ᠬᠤᠨᠤᠪᠠᠢ︾ ᠶᠢᠨ ᠬᠢᠲᠠᠳ ᠭᠠᠯᠢᠭᠯᠠᠯ ᠳᠤ ᠬᠢ ᠬᠠᠵᠠᠭᠤ ᠶᠢᠨ ᠣᠷᠴᠢᠭᠤᠯᠭ᠎ᠠ ᠨᠢ ︽列着宿了︾ ᠭᠡᠵᠦ ᠪᠠᠶᠢᠨ᠎ᠠ᠃ ︽ᠮᠤᠩᠭᠤᠯ ᠤᠨ ᠨᠢᠭᠤᠴᠠ ᠲᠤᠪᠴᠢᠶᠠᠨ︾ ᠤ ᠲᠡᠮᠳᠡᠭᠯᠡᠯ ᠳᠤ ᠬᠢ ᠡᠨᠡ ᠦᠭᠡ ᠤᠤᠯ ᠨᠢ ᠴᠡᠷᠢᠭ ᠬᠤᠨᠣᠬᠤ ᠵᠠᠩ ᠦᠢᠯᠡ ᠲᠠᠢ ᠬᠤᠯᠪᠤᠭᠳᠠᠭᠰᠠᠨ ᠭᠡᠷ᠎ᠡ ᠦᠭᠡ ᠪᠠᠶᠢᠭᠰᠠᠨ ᠶᠤᠮ ᠪᠠᠶᠢᠨ᠎ᠠ ᠭᠡᠳᠡᠭ ᠢ ᠣᠯᠠᠨ ᠰᠣᠷᠪᠤᠯᠵᠢ ᠪᠢᠴᠢᠭ  ᠤᠨ ᠲᠡᠮᠳᠡᠭᠯᠡᠯ  ᠢ ᠬᠠᠷᠭᠤᠭᠤᠯᠵᠤ ᠦᠵᠡᠬᠦ ᠳᠤ ᠮᠡᠳᠡᠵᠦ ᠪᠣᠯᠳᠠᠭ᠃ ᠶᠠᠭ ᠡᠭᠦᠨ ᠲᠠᠢ ᠲᠣᠬᠢᠷᠠᠯᠴᠠᠬᠤ ᠬᠡᠰᠡᠭ ᠢ ᠯᠣ ︽ᠠᠯᠲᠠᠨ ᠲᠣᠪᠴᠢ︾ ᠳᠤ ᠨᠡᠩ ᠲᠣᠲᠤᠷᠬᠠᠢ ᠪᠠᠷ ︽ᠵᠡᠷᠭᠡ ᠵᠠᠰᠠᠵᠦ ᠬᠤᠨᠣᠪᠠ︾ ︵ᠯᠣ ︽ᠠᠯᠲᠠᠨ ᠲᠣᠪᠴᠢ︾ 57a︶ ᠭᠡᠵᠦ ᠲᠣᠳᠤᠷᠠᠭᠤᠯᠤᠨ ᠢᠯᠡᠳᠭᠡᠭᠰᠡᠨ ᠪᠠᠶᠢᠳᠠᠭ᠃ ︽ᠮᠦᠺᠠᠳ᠋ᠳᠢᠮᠠᠲ ᠠᠯ — ᠠᠳᠠᠪ ᠲᠣᠯᠢ︾ ᠳᠤ ︽ᠵᠡᠷᠭᠡ ᠪᠠᠶᠢᠯᠭᠠᠪᠠ ᠢᠷᠭᠡᠨ ᠢ︾ ᠭᠡᠰᠡᠨ ᠦᠭᠡ ᠶᠢ ︽ᠬᠦᠮᠦᠰ ᠢ ᠵᠢᠭᠰᠠᠭᠠᠯ ᠳᠤ ᠵᠢᠭᠰᠠᠭᠠᠪᠠ︾ ᠭᠡᠵᠦ ᠲᠠᠶᠢᠯᠪᠤᠷᠢᠯᠠᠭᠰᠠᠨ ᠲᠣᠬᠢᠶᠠᠯᠳᠤᠯ ᠭᠠᠷᠴᠤ ᠪᠠᠶᠢᠨ᠎ᠠ᠃ ᠡᠨᠡ ᠨᠢ ︽ᠵᠡᠷᠭᠡ︾ ᠭᠡᠬᠦ ᠦᠭᠡ ᠶᠢᠨ ︽ᠡᠩᠨᠡᠭᠡ ᠵᠢᠭᠰᠠᠭᠠᠯ︾ ᠭᠡᠬᠦ ᠤᠳᠬ᠎ᠠ ᠲᠠᠢ ᠪᠣᠯᠬᠤ ᠪᠠ ︽ᠵᠡᠷᠭᠡ ᠪᠠᠶᠢᠯᠭᠠᠪᠠ︾ ᠭᠡᠳᠡᠭ ᠨᠢ ︽ᠵᠢᠭᠰᠠᠭᠠᠯ ᠵᠢᠭᠰᠠᠭᠠᠵᠤ ᠵᠣᠭᠰᠣᠭᠠᠬᠤ︾ ᠭᠡᠳᠡᠭ ᠤᠳᠬ᠎ᠠ ᠲᠠᠢ ᠴᠡᠷᠢᠭ ᠤᠨ ᠶᠠᠪᠤᠳᠠᠯ ᠤᠨ ᠭᠡᠷ᠎ᠡ ᠦᠭᠡ ᠪᠣᠯᠬᠤ ᠶᠢ ᠲᠣᠳᠤᠷᠠᠭᠤᠯᠤᠨ ᠲᠡᠮᠳᠡᠭᠯᠡᠭᠰᠡᠨ ᠤᠴᠢᠷ ᠪᠣᠯᠬᠤ ᠶᠤᠮ᠃ ᠡᠭᠦᠨ ᠠᠴᠠ ᠪᠢᠳᠡ᠂ ︽ᠵᠡᠷᠭᠡ︾ ᠭᠡᠳᠡᠭ ᠪᠣᠯ ᠴᠡᠷᠢᠭ ᠡᠷᠡᠰ ᠤᠨ ᠴᠡᠭᠴᠡᠲᠡᠢ ᠡᠩᠨᠡᠭᠡ ᠵᠢᠭᠰᠠᠭᠠᠯ ᠢ ᠬᠡᠯᠡᠳᠡᠭ ᠴᠡᠷᠢᠭ ᠤᠨ ᠶᠠᠪᠤᠳᠠᠯ ᠤᠨ ᠭᠡᠷ᠎ᠡ ᠦᠭᠡ᠂ ︽ᠵᠡᠷᠭᠡ ᠪᠠᠷ ᠬᠤᠨᠤᠬᠤ︾ ︵︽ᠵᠡᠷᠭᠡ ᠵᠠᠰᠠᠵᠤ ᠬᠤᠨᠣᠬᠤ︾︶ ᠭᠡᠳᠡᠭ ᠨᠢ ᠬᠤᠶᠠᠷ ᠴᠡᠷᠢᠭ ᠤᠨ ᠡᠰᠡᠷᠭᠦᠴᠡᠯᠳᠦᠭᠡᠨ ᠤ ᠦᠶ᠎ᠡ ᠳᠤ ᠭᠡᠨᠡᠳᠡᠭᠳᠡᠨ ᠳᠠᠭᠠᠷᠢᠭᠳᠠᠬᠤ ᠠᠴᠠ ᠴᠢᠩᠭ᠎ᠠ ᠰᠡᠷᠡᠮᠵᠢᠯᠡᠵᠦ ᠴᠡᠷᠢᠭ ᠢᠶᠠᠨ ᠵᠢᠭᠰᠠᠭᠠᠭᠰᠠᠨ ᠴᠢᠭ ᠢᠶᠠᠷ ᠨᠢ ᠰᠦᠨᠢ ᠶᠢ ᠦᠩᠭᠡᠷᠡᠭᠦᠯᠬᠦ ᠶᠢ ᠬᠡᠯᠡᠳᠡᠭ ᠴᠡᠷᠢᠭ ᠬᠤᠨᠣᠬᠤ ᠵᠠᠩ ᠦᠢᠯᠡ ᠲᠠᠢ ᠬᠤᠯᠪᠤᠭᠳᠠᠭᠰᠠᠨ ᠴᠡᠷᠢᠭ  ᠤᠨ ᠶᠠᠪᠤᠳᠠᠯ  ᠤᠨ ᠭᠡᠷ᠎ᠡ ᠦᠭᠡ ᠪᠤᠯᠬᠤ ᠶᠢ ᠰᠡᠷᠭᠦᠭᠡᠨ ᠮᠡᠳᠡᠵᠦ ᠪᠣᠯᠬᠤ ᠶᠤᠮ᠃            ︽ᠵᠡᠷᠭᠡ ᠪᠠᠷ ᠬᠤᠨᠤᠬᠤ︾ ᠭᠡᠳᠡᠭ ᠤᠨ ᠭᠡᠷ᠎ᠡ ᠦᠭᠡ ᠪᠣᠯᠬᠤ ᠶᠢᠨ ᠤᠴᠢᠷ ᠨᠢ ︽ᠵᠡᠷᠭᠡ︾ ᠭᠡᠬᠦ ᠦᠭᠡ ᠶᠢᠨ ᠭᠡᠷ᠎ᠡ ᠦᠭᠡ ᠪᠣᠯᠬᠤ ᠲᠠᠢ ᠵᠠᠶᠢᠯᠠᠰᠢ ᠦᠭᠡᠢ ᠬᠤᠯᠪᠤᠭ᠎ᠠ ᠭᠠᠷᠴᠤ ᠪᠠᠶᠢᠨ᠎ᠠ᠃ ︽ᠮᠦᠺᠠᠳ᠋ᠳᠢᠮᠠᠲ ᠠᠯ — ᠠᠳᠠᠪ ᠲᠣᠯᠢ︾ ᠳᠤ ︽ᠵᠡᠷᠭᠡ︾ ᠭᠡᠬᠦ ᠦᠭᠡ ᠶᠢ ︽ᠡᠩᠨᠡᠭᠡ ᠵᠢᠭᠰᠠᠭᠠᠯ︾ ᠭᠡᠬᠦ ᠤᠳᠬ᠎ᠠ ᠲᠠᠢ ᠭᠡᠵᠦ ᠲᠣᠳᠣᠷᠬᠠᠶᠢᠯᠠᠭᠰᠠᠨ ᠲᠠᠢ ᠠᠳᠠᠯᠢ ᠪᠠᠷ ︽ᠮᠣᠩᠭᠤᠯ ᠤᠨ ᠨᠢᠭᠤᠴᠠ ᠲᠣᠪᠴᠢᠶᠠᠨ︾ ᠤ ᠬᠠᠵᠠᠭᠤ ᠶᠢᠨ ᠣᠷᠴᠢᠭᠤᠯᠭ᠎ᠠ ᠳᠤ ᠴᠣ᠋ ︽ᠵᠡᠷᠭᠡ︾ ᠭᠡᠬᠦ ᠦᠭᠡ  ᠶᠢ ︽班列᠂列᠂列位᠂次序᠂依次︾ ᠭᠡᠬᠦ ᠮᠡᠲᠦ ᠪᠠᠷ ︽ᠡᠩᠨᠡᠭᠡ ᠵᠢᠭᠰᠠᠭᠠᠯ︾ ᠭᠡᠬᠦ ᠤᠳᠬ᠎ᠠ ᠲᠠᠢ ᠦᠭᠡ ᠪᠠᠷ ᠣᠷᠴᠢᠭᠤᠯᠤᠭᠰᠠᠨ ᠪᠠᠶᠢᠭ᠎ᠠ ᠶᠤᠮ᠃            ᠢᠲᠡᠭᠡᠮᠵᠢᠲᠤ ᠲᠡᠥᠬᠡᠨ ᠲᠡᠮᠳᠡᠭᠯᠡᠯ ᠤᠳ ᠠᠴᠠ ᠦᠵᠡᠬᠦ ᠳᠤ᠂ ︽ᠵᠡᠷᠭᠡ︾ ᠭᠡᠬᠦ ᠦᠭᠡ ᠶᠢᠨ ᠴᠡᠷᠢᠭ ᠤᠨ ᠶᠠᠪᠤᠳᠠᠯ ᠤᠨ ᠭᠡᠷ᠎ᠡ ᠦᠭᠡ ᠪᠣᠯᠣᠭᠰᠠᠨ ᠨᠢ ᠠᠪᠠ ᠶᠢᠨ ᠵᠠᠩ ᠦᠢᠯᠡ ᠶᠢᠨ ᠭᠡᠷ᠎ᠡ ᠦᠭᠡ ᠪᠠᠶᠢᠭᠰᠠᠨ ᠠᠴᠠ ᠢᠷᠡᠯᠲᠡ  ᠲᠠᠢ ᠶᠤᠮ ᠪᠠᠶᠢᠨ᠎ᠠ᠃ ᠷᠠᠰᠢᠳ᠋ — ᠠᠳ᠋ — ᠳ᠋ᠢᠨ ᠡᠭᠦᠨ ᠢ ︽jirgeh︾ ᠭᠡᠵᠦ᠂ ᠵᠦᠸᠠᠶᠢᠨᠢ ᠡᠭᠦᠨ ᠢ ︽nerge︾ ᠭᠡᠵᠦ ᠪᠥᠷ ᠠᠪᠠ ᠲᠠᠢ ᠬᠤᠯᠪᠤᠭᠳᠠᠭᠤᠯᠤᠨ ᠠᠪᠠ ᠳᠤ ᠣᠷᠤᠯᠴᠠᠭᠴᠢ ᠬᠦᠮᠦᠰ ᠤᠨ ᠴᠡᠭᠴᠡᠲᠡᠢ ᠡᠩᠨᠡᠭᠡ ᠵᠢᠭᠰᠠᠭᠠᠯ ᠢ ᠬᠡᠯᠡᠳᠡᠭ ᠬᠡᠮᠡᠨ ᠲᠡᠮᠳᠡᠭᠯᠡᠭᠰᠡᠨ ᠪᠠᠶᠢᠨ᠎ᠠ᠃            ᠷᠠᠰᠢᠳ᠋ — ᠠᠳ᠋ — ᠳ᠋ᠢᠨ ︽ᠰᠣᠳᠤᠷ ᠤᠨ ᠴᠢᠭᠤᠯᠭᠠᠨ︾ ᠳᠤ ᠪᠠᠨ ᠣᠳᠴᠢᠬᠢᠨ ᠨᠤᠶᠠᠨ ᠠᠪᠠ ᠶᠢᠨ ᠡᠩᠨᠡᠭᠡ ᠵᠢᠭᠰᠠᠭᠠᠯ — ︽ᠵᠡᠷᠭᠡ︾ ᠠᠴᠠ ᠬᠤᠴᠤᠷᠴᠤ ᠴᠢᠩᠭᠢᠰ ᠬᠠᠭᠠᠨ ᠳᠤ ᠰᠢᠢᠳᠬᠡᠭᠳᠡᠭᠰᠡᠨ ᠤᠴᠢᠷ ᠢ ᠠᠩᠬᠠᠷᠤᠨ ᠣᠯᠵᠤ ᠲᠡᠮᠳᠡᠭᠯᠡᠨ ᠦᠯᠡᠳᠡᠭᠡᠵᠡᠢ᠄            ︽᠁ ᠲᠡᠨᠳᠡᠬᠢ ᠰᠢᠷᠤᠢ ᠮᠠᠭᠤ ᠲᠤᠯᠠ ᠲᠤᠭᠤᠰᠤ ᠰᠢᠷᠤᠢ ᠪᠤᠵᠢᠭᠢᠨᠠᠳᠠᠭ ᠪᠠᠶᠢᠵᠠᠢ᠃ ᠴᠢᠩᠭᠢᠰ ᠬᠠᠭᠠᠨ ᠵᠠᠷᠯᠢᠭ ᠪᠠᠭᠤᠯᠭᠠᠵᠦ᠂ ᠬᠦᠮᠦᠨ ᠪᠦᠬᠦᠨ ᠴᠢᠯᠠᠭᠤ ᠠᠪᠴᠢᠷᠠᠵᠦ ᠤᠷᠲᠤ ᠪᠠ ᠬᠦᠷᠢᠶᠠᠨ ᠤ ᠲᠤᠲᠤᠷ᠎ᠠ ᠬᠠᠶᠠᠬᠤ ᠬᠡᠷᠡᠭᠲᠡᠢ ᠭᠡᠵᠡᠢ᠃ ᠣᠯᠠᠨ ᠢᠶᠠᠷ ᠢᠶᠠᠨ ᠪᠦᠷ ᠬᠠᠶᠠᠵᠦ ᠪᠠᠶᠢᠲᠠᠯ᠎ᠠ ᠲᠡᠭᠦᠨ ᠤ ᠳᠡᠭᠦᠦ ᠣᠳᠴᠢᠬᠢᠨ ᠬᠠᠷᠢᠨ ᠴᠢᠯᠠᠭᠤ ᠬᠠᠶᠠᠭᠰᠠᠨ ᠦᠭᠡᠢ᠂ ᠬᠡᠳᠦᠬᠡᠨ ᠮᠣᠳᠤᠨ ᠰᠠᠯᠠᠭ᠎ᠠ ᠬᠠᠶᠠᠭᠰᠠᠨ ᠤ ᠲᠡᠳᠦᠶᠢᠯᠡ ᠪᠠᠶᠢᠯ᠎ᠠ᠃ ᠡᠭᠦᠨ ᠳᠤ ᠴᠢᠩᠭᠢᠰ ᠬᠠᠭᠠᠨ ᠲᠡᠭᠦᠨ ᠢ ᠪᠤᠷᠤᠭᠤᠰᠢᠶᠠᠪᠠ᠃ ᠲᠡᠷᠡ ᠬᠡᠳᠦᠨ ᠡᠳᠦᠷ ᠤᠨ ᠲᠣᠲᠤᠷ᠎ᠠ ᠲᠡᠳᠡ ᠬᠤᠶᠠᠷ ᠤᠳᠠᠭ᠎ᠠ ᠠᠪᠠ ᠳᠤ ᠭᠠᠷᠤᠭᠰᠠᠨ ᠪᠠᠶᠢᠵᠠᠢ᠃ ᠤᠳᠴᠢᠬᠢᠨ ᠨᠣᠶᠠᠨ ᠴᠠᠭ ᠲᠠᠭᠠᠨ ᠢᠷᠡᠵᠦ jirgeh ᠳᠤ ᠣᠷᠤᠭᠰᠠᠨ ᠦᠭᠡᠢ᠂ ᠣᠷᠤᠶᠢᠲᠠᠭᠰᠠᠨ ᠪᠠᠶᠢᠵᠠᠢ᠃ ᠡᠨᠡ ᠬᠤᠶᠠᠷ ᠠᠯᠳᠠᠯ ᠠᠴᠠ ᠪᠣᠯᠵᠦ ᠲᠡᠭᠦᠨ ᠢ ᠲᠣᠯᠤᠭᠠᠨ ᠬᠤᠨᠤᠭ ᠣᠷᠳᠤᠨ ᠳᠤ ᠣᠷᠣᠭᠤᠯᠤᠭᠰᠠᠨ ᠦᠭᠡᠢ᠃ ᠡᠭᠦᠨ ᠳᠤ ᠲᠡᠷᠡ ᠳᠠᠬᠢᠵᠦ ᠠᠯᠳᠠᠯ ᠭᠠᠷᠭᠠᠪᠠᠰᠤ ᠳᠤᠷᠠᠲᠠᠶ᠎ᠡ ᠶᠠᠯ᠎ᠠ ᠬᠦᠯᠢᠶᠡᠨ᠎ᠡ ᠭᠡᠵᠦ ᠭᠤᠶᠤᠴᠢᠯᠠᠭᠰᠠᠨ᠎ᠠ ᠴᠢᠩᠭᠢᠰ ᠬᠠᠭᠠᠨ ᠲᠡᠭᠦᠨ  ᠢ ᠦᠷᠦᠰᠢᠶᠡᠵᠦ ᠣᠷᠳᠤᠨ ᠳᠠᠭᠠᠨ ᠣᠷᠤᠭᠤᠯᠵᠠᠢ᠃︾ ︵拉施特著《史集︾第一卷᠂第二分册᠂商务印书馆᠂ 1983年᠂ P.159︶ ᠭᠡᠰᠡᠨ ᠪᠠᠶᠢᠨ᠎ᠠ᠃            ᠵᠦᠸᠠᠶᠢᠨᠢ ︽ᠳᠡᠯᠡᠬᠡᠢ ᠶᠢᠨ ᠡᠵᠡᠨ ᠤ ᠲᠡᠥᠬᠡ︾ ᠳᠤ ᠪᠠᠨ ︽ᠴᠢᠩᠭᠢᠰ ᠬᠠᠭᠠᠨ ᠤ ᠶᠡᠭᠡ ᠵᠠᠰᠠᠭ︾ ᠤᠨ ᠲᠣᠬᠠᠢ ᠲᠡᠮᠳᠡᠭᠯᠡᠭᠰᠡᠨ ᠤ ᠲᠣᠲᠤᠷ᠎ᠠ ᠪᠠᠰᠠ ︽ᠵᠡᠷᠭᠡ︾ ᠶᠢᠨ ᠲᠤᠬᠠᠢ ᠣᠯᠵᠤ ᠲᠡᠮᠳᠡᠭᠯᠡᠭᠰᠡᠨ ᠪᠠᠶᠢᠨ᠎ᠠ᠄            ︽ᠲᠡᠳᠡ ᠨᠢᠭᠡ᠂ ᠬᠤᠶᠠᠷ ᠰᠠᠷ᠎ᠠ ᠪᠤᠶᠤ ᠴᠢᠨᠠᠭᠰᠢᠯᠠᠨ ᠭᠤᠷᠪᠠᠨ ᠰᠠᠷ᠎ᠠ ᠶᠢᠨ ᠤᠷᠲᠤ ᠬᠤᠭᠤᠴᠠᠭ᠎ᠠ ᠪᠠᠷ ᠠᠪᠠ ᠶᠢᠨ ᠬᠦᠷᠢᠶ᠎ᠡ ᠲᠠᠲᠠᠵᠤ᠂ ᠠᠯᠭᠤᠷ ᠠᠭᠠᠵᠢᠮ ᠢᠶᠠᠷ᠂ ᠢᠳᠡᠭ ᠢᠳᠡᠭ ᠢᠶᠠᠷ ᠠᠷᠢᠶᠠᠲᠠᠨ ᠭᠦᠷᠦᠭᠡᠰᠦ ᠨᠦᠭᠦᠳ ᠢ ᠲᠣᠲᠤᠭᠰᠢᠯᠠᠭᠤᠯᠤᠨ ᠬᠥᠭᠡᠭᠡᠨ᠎ᠡ᠃ ᠠᠷᠢᠶᠠᠲᠠᠨ ᠭᠦᠷᠦᠭᠡᠰᠦ ᠶᠢ ᠨᠢᠭᠡᠬᠡᠨ ᠢ ᠴᠤ ᠲᠤᠲᠠᠭᠠᠯᠭᠠᠬᠤ ᠦᠭᠡᠢ ᠪᠠᠷ ᠬᠢᠴᠢᠶᠡᠨ᠎ᠡ᠃ ᠬᠡᠷᠪᠡ ᠭᠠᠭᠴᠠᠬᠠᠨ ᠭᠦᠷᠦᠭᠡᠰᠦ ᠴᠤ ᠲᠡᠷᠡ᠂ ᠰᠠᠨᠠᠭᠠᠨ ᠳᠤ ᠦᠭᠡᠢ ᠵᠢᠭᠰᠠᠭᠠᠯ ᠢ ᠰᠢᠪᠲᠤᠯᠤᠨ ᠭᠠᠷᠬᠤ ᠳᠤ ᠬᠦᠷᠪᠡᠯ ᠠᠯᠳᠠᠰᠢ ᠭᠠᠷᠤᠭᠰᠠᠨ ᠤ ᠰᠢᠯᠲᠠᠭᠠᠨ ᠢ ᠨᠠᠷᠢᠨ ᠨᠢᠮᠪᠠᠢ ᠲᠣᠲᠤᠯᠠᠨ᠎ᠠ᠃ ᠡᠭᠦᠨ ᠠᠴᠠ ᠪᠣᠯᠵᠦ᠂ ᠮᠢᠩᠭᠠᠲᠤ ᠶᠢᠨ᠂ ᠵᠠᠭᠤᠲᠤ ᠶᠢᠨ᠂ ᠠᠷᠪᠠᠲᠤ ᠶᠢᠨ ᠨᠤᠶᠠᠳ ᠵᠠᠨᠴᠢᠭᠳᠠᠬᠤ ᠳᠤ ᠬᠦᠷᠦᠨ᠎ᠡ᠃ ᠵᠠᠷᠢᠮ ᠳᠠᠭᠠᠨ ᠪᠦᠷ ᠴᠤ ᠬᠦᠨᠳᠦ ᠡᠷᠡᠭᠦᠦ ᠠᠮᠰᠠᠨ᠎ᠠ᠃ ᠪᠠᠰᠠ ᠵᠢᠱᠢᠶᠡᠯᠡᠪᠡᠯ᠂ ᠵᠠᠷᠢᠮ ᠴᠡᠷᠢᠭ ᠡᠷ᠎ᠡ ᠲᠣᠭᠲᠠᠭᠰᠠᠨ ᠮᠦᠷ ᠱᠤᠭᠤᠮ ︵ᠮᠣᠩᠭᠤᠯᠴᠤᠳ ᠡᠭᠦᠨ ᠢᠶᠠᠨ nerge ᠭᠡᠳᠡᠭ︶ ᠠᠴᠠ ᠴᠦᠯᠡᠶᠢᠳᠡᠨ᠂ ᠤᠷᠤᠭᠰᠢ ᠪᠤᠶᠤ ᠬᠤᠶᠢᠰᠢ ᠭᠠᠭᠴᠠ ᠠᠯᠬᠤᠮ ᠵᠦᠷᠢᠵᠦ ᠠᠯᠬᠤᠪᠠᠰᠤ ᠲᠡᠭᠦᠨ ᠢ ᠬᠦᠨᠳᠦ ᠪᠠᠷ ᠶᠠᠯᠠᠯᠠᠨ᠂ ᠥᠴᠦᠭᠡᠨ ᠲᠡᠳᠦᠢ ᠴᠤ ᠦᠯᠦ ᠥᠷᠦᠰᠢᠶᠡᠨ᠎ᠡ︾ ︵志费尼著 ︽世界征服者史︾᠂内蒙古人民出版社᠂ 198年᠂ P.30︶ ᠭᠡᠵᠡᠢ᠃            ᠮᠣᠩᠭᠤᠯ ᠬᠠᠤᠯᠢ ᠴᠠᠭᠠᠵᠠ ᠶᠢᠨ ᠪᠢᠴᠢᠭ ᠲᠤ ᠠᠩ ᠠᠪᠠ ᠳᠤ ᠬᠤᠯᠪᠤᠭᠳᠠᠭᠰᠠᠨ ᠲᠤᠰᠬᠠᠢ ᠴᠠᠭᠠᠵᠠ  ᠶᠢᠨ ᠵᠣᠷᠪᠤᠰ ᠣᠯᠠᠨᠲᠠ ᠭᠠᠷᠳᠠᠭ ᠪᠥᠭᠡᠳ ᠵᠦᠸᠠᠶᠢᠨᠢ  ᠶᠢᠨ ᠳᠤᠷᠠᠳᠴᠤ ᠪᠠᠶᠢᠭᠰᠠᠨ ︽ᠴᠢᠩᠭᠢᠰ ᠬᠠᠭᠠᠨ ᠤ ᠶᠡᠭᠡ ᠵᠠᠰᠠᠭ ︾ ᠤᠨ ︽ᠵᠡᠷᠭᠡ︾ ᠲᠠᠢ ᠬᠤᠯᠪᠤᠭᠳᠠᠭᠰᠠᠨ ᠠᠭᠤᠯᠭ᠎ᠠ ᠴᠤ ᠪᠠᠷᠤᠭ ᠲᠡᠷᠡ ᠶᠣᠰᠤᠭᠠᠷ ᠢᠶᠠᠨ ᠤᠯᠠᠮᠵᠢᠯᠠᠭᠳᠠᠭᠰᠠᠨ ᠭᠡᠳᠡᠭ ᠲᠣᠳᠣᠷᠬᠠᠢ ᠪᠠᠷᠢᠮᠲᠠ ᠭᠠᠷᠴᠤ ᠪᠠᠶᠢᠨ᠎ᠠ᠃ 1640 ᠣᠨ ᠳᠤ ᠨᠡᠶᠢᠲᠡᠯᠡᠭᠳᠡᠭᠰᠡᠨ ︽ᠣᠶᠢᠷᠠᠳ ᠴᠠᠭᠠᠵᠠ︾  ᠳᠤ ᠠᠪᠠ ᠶᠢᠨ ︽ᠡᠩᠨᠡᠭᠡ ᠵᠢᠭᠰᠠᠭᠠᠯ︾ ᠭᠡᠬᠦ ᠤᠳᠬ᠎ᠠ ᠲᠠᠢ ︽ᠵᠡᠷᠭᠡ︾ ᠭᠡᠬᠦ ᠦᠭᠡ ᠭᠠᠷᠬᠤ ᠪᠠᠷ ᠪᠠᠷᠠᠬᠤ ᠦᠭᠡᠢ ᠂ ᠡᠭᠦᠨ ᠲᠠᠢ ᠬᠤᠯᠪᠤᠭᠳᠠᠭᠰᠠᠨ ᠬᠠᠤᠯᠢ ᠶᠢᠨ ᠵᠣᠷᠪᠤᠰ ᠮᠠᠰᠢ ᠲᠣᠳᠣᠷᠬᠠᠢ ᠢᠯᠡᠷᠡᠵᠡᠢ᠄            ︽ᠬᠡᠨ ᠬᠦᠮᠦᠨ ᠠᠪᠠ ᠡᠪᠳᠡᠬᠦᠯ᠎ᠡ ᠵᠡᠷᠭᠡ ᠪᠠᠷ ᠪᠠᠶᠢᠬᠤᠯ᠎ᠠ᠂ ᠵᠡᠷᠭᠡ ᠪᠠᠷ ᠶᠠᠪᠤᠬᠤᠯ᠎ᠠ ᠲᠠᠪᠤᠨ ᠮᠣᠷᠢ ᠠᠪ᠃ ᠭᠤᠷᠪᠠᠨ ᠤᠨᠳᠤᠰᠭ᠎ᠠ ᠭᠠᠵᠠᠷ ᠲᠤ ᠳᠤᠪᠳᠤᠯᠬᠤᠯ᠎ᠠ ᠮᠣᠷᠢ ᠶᠢ ᠢᠨᠦ ᠠᠪ᠃ ᠬᠤᠶᠠᠷ ᠤᠨᠳᠤᠰᠭ᠎ᠠ ᠪᠣᠯᠬᠤᠯ᠎ᠠ ᠬᠤᠨᠢ ᠠᠪ᠃ ᠨᠢᠭᠡ ᠤᠨᠲᠤᠭ᠎ᠠ ︵ᠤᠨᠳᠤᠰᠭ᠎ᠠ — ᠡᠰᠢᠯᠡᠭᠴᠢ︶ ᠪᠣᠯᠬᠤᠯ᠎ᠠ ᠲᠠᠪᠤᠨ ᠰᠤᠮᠤ ᠠᠪ᠃︾ ︵ᠳᠣᠷᠣᠨᠠᠲᠢᠪ ᠬᠠᠷᠢᠴᠠᠭᠤᠯᠤᠨ ᠲᠠᠶᠢᠯᠪᠤᠷᠢᠯᠠᠭᠰᠠᠨ ︽ᠣᠶᠢᠷᠠᠳ ᠴᠠᠭᠠᠵᠠ︾᠂ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1985 ᠣᠨ᠂ 101 ᠳ᠋ᠦ᠋ᠭᠡᠷ ᠵᠦᠢᠯ︶ ᠭᠡᠵᠦ ᠪᠣᠢ᠃            ᠡᠨᠡ ᠵᠤᠷᠪᠤᠰ ᠲᠤ ᠬᠢ ︽ᠵᠡᠷᠭᠡ ᠪᠠᠷ ᠪᠠᠶᠢᠬᠤᠯ᠎ᠠ︾ ᠭᠡᠳᠡᠭ ᠨᠢ ᠠᠪᠠ ᠶᠢᠨ ᠶᠣᠰᠤ ᠪᠠᠷ ︽ᠠᠪᠠ ᠶᠢᠨ ᠡᠩᠨᠡᠭᠡ ᠵᠢᠭᠰᠠᠭᠠᠯ ᠵᠢᠭᠰᠠᠵᠦ ᠵᠣᠭᠰᠤᠵᠦ ᠪᠠᠶᠢᠬᠤ ᠳᠤ︾ ᠭᠡᠬᠦ ᠤᠳᠬ᠎ᠠ ᠲᠠᠢ᠂ ︽ᠵᠡᠷᠭᠡ ᠪᠠᠷ ᠶᠠᠪᠤᠬᠤᠯ᠎ᠠ︾ ᠭᠡᠳᠡᠭ ᠨᠢ ᠠᠪᠠ ᠶᠢᠨ ᠶᠣᠰᠤ ᠪᠠᠷ ︽ᠠᠪᠠ ᠶᠢᠨ ᠡᠩᠨᠡᠭᠡ ᠵᠢᠭᠰᠠᠭᠠᠯ ᠵᠢᠭᠰᠠᠵᠦ ᠶᠠᠪᠤᠵᠦ ᠪᠠᠶᠢᠬᠤ ᠳᠤ︾ ᠭᠡᠬᠦ ᠤᠳᠬ᠎ᠠ ᠲᠠᠢ ᠦᠭᠡ ᠶᠤᠮ᠃ ᠡᠨᠡ ᠦᠶ᠎ᠡ ᠳᠤ ᠬᠡᠨ ᠬᠦᠮᠦᠨ ᠡᠨᠡ ︽ᠡᠩᠨᠡᠭᠡ ᠵᠢᠭᠰᠠᠭᠠᠯ︾ ᠠᠴᠠ ᠵᠦᠷᠢᠴᠡᠬᠦ ᠳᠤ ᠬᠦᠷᠪᠡᠯ ︽ᠠᠪᠠ ᠡᠪᠳᠡᠭᠰᠡᠨ︾ ᠶᠠᠯ᠎ᠠ ᠲᠠᠢ ᠪᠣᠯᠵᠤ ︽ᠲᠠᠪᠤᠨ ᠮᠣᠷᠢ︾ ᠪᠠᠷ ᠶᠠᠯᠠᠳᠠᠭᠳᠠᠬᠤ ᠶᠣᠰᠣᠲᠠᠢ ᠠᠵᠠᠢ᠃ ᠢᠯᠠᠩᠭᠤᠶ᠎ᠠ᠂ ᠵᠦᠸᠠᠶᠢᠨᠢ ᠶᠢᠨ ᠬᠡᠯᠡᠭᠰᠡᠨ ︽ᠵᠡᠷᠭᠡ ᠠᠴᠠ ᠴᠦᠯᠡᠶᠢᠳᠡᠨ᠂ ᠤᠷᠤᠭᠰᠢ ᠪᠤᠶᠤ ᠬᠤᠶᠢᠰᠢ ᠭᠠᠭᠴᠠ ᠠᠯᠬᠤᠮ ᠵᠦᠷᠢᠵᠦ ᠠᠯᠬᠤᠪᠠᠰᠤ ᠲᠡᠭᠦᠨ ᠢ ᠬᠦᠨᠳᠦ ᠪᠠᠷ ᠶᠠᠯᠠᠯᠠᠨ᠂ ᠥᠴᠦᠭᠡᠨ ᠲᠡᠳᠦᠢ ᠴᠤ ᠦᠯᠦ ᠥᠷᠦᠰᠢᠶᠡᠨ᠎ᠡ︾ ᠭᠡᠰᠡᠨ ᠠᠭᠤᠯᠭ᠎ᠠ ᠶᠢᠨ ︽ᠣᠶᠢᠷᠠᠳ ᠴᠠᠭᠠᠵᠠ︾ ᠳᠤ ᠬᠢ ᠪᠣᠳᠠᠲᠠᠢ ᠠᠭᠤᠯᠭ᠎ᠠ ᠨᠢ ᠪᠣᠯ ︽ᠵᠡᠷᠭᠡ︾ ᠠᠴᠠ ᠰᠠᠯᠵᠤ ︽ᠤᠷᠤᠭᠰᠢ ᠪᠤᠶᠤ ᠬᠤᠶᠢᠰᠢ︾ ᠳᠣᠪᠲᠤᠯᠬᠤ ᠳᠤ ᠬᠦᠷᠪᠡᠯ ︽ᠭᠤᠷᠪᠠᠨ ᠤᠨᠳᠤᠰᠭ᠎ᠠ ᠭᠠᠵᠠᠷ ᠲᠤ ᠳᠤᠪᠳᠤᠯᠬᠤᠯ᠎ᠠ ᠮᠣᠷᠢ ᠶᠢ ᠢᠨᠦ ᠠᠪ᠃ ᠬᠤᠶᠠᠷ ᠤᠨᠳᠤᠰᠭ᠎ᠠ ᠪᠣᠯᠬᠤᠯ᠎ᠠ ᠬᠤᠨᠢ ᠠᠪ᠃ ᠨᠢᠭᠡ ᠤᠨᠲᠤᠭ᠎ᠠ ︵ᠤᠨᠳᠤᠰᠭ᠎ᠠ — ᠡᠰᠢᠯᠡᠭᠴᠢ︶ ᠪᠣᠯᠬᠤᠯ᠎ᠠ ᠲᠠᠪᠤᠨ ᠰᠤᠮᠤ ᠠᠪ︾ ᠭᠡᠳᠡᠭ ᠬᠠᠲᠠᠭᠤ ᠰᠢᠢᠳᠭᠡᠯ ᠳᠤ ᠣᠨᠣᠭᠳᠠᠬᠤ ᠶᠤᠮ ᠪᠠᠶᠢᠨ᠎ᠠ᠃ ︽ᠤᠨᠳᠤᠰᠭ᠎ᠠ︾ ᠭᠡᠵᠦ ᠨᠣᠮᠣ ᠰᠤᠮᠤ ᠬᠠᠷᠪᠤᠯᠲᠠ ᠪᠠᠷ ᠪᠠᠷᠢᠮᠵᠢᠶᠠᠯᠠᠭᠰᠠᠨ ᠵᠠᠢ ᠶᠢ ᠬᠡᠯᠡᠵᠦ ᠪᠠᠶᠢᠨ᠎ᠠ᠃ ︽ᠨᠢᠭᠡ ᠤᠨᠳᠤᠰᠭ᠎ᠠ︾ ᠭᠡᠵᠦ ᠨᠢᠭᠡ ᠰᠣᠮᠣᠨ ᠤ ᠲᠤᠰᠤᠯᠲᠠ ᠶᠢᠨ ᠵᠠᠢ ᠶᠢ ᠬᠡᠯᠡᠵᠦ ᠪᠠᠶᠢᠨ᠎ᠠ᠃            ︽ᠵᠡᠷᠭᠡ︾ ᠭᠡᠬᠦ ᠦᠭᠡ ᠶᠢᠨ ᠪᠥᠲᠦᠴᠡ ᠭᠠᠷᠤᠯ ᠢ ᠲᠣᠲᠤᠷᠠᠭᠤᠯᠪᠠᠯ᠂ ︽ᠬᠤᠶᠠᠷ︾ ᠭᠡᠬᠦ ᠤᠳᠬᠠᠲᠠᠢ ︽ᠵᠠ᠊︾ ᠢᠵᠠᠭᠤᠷ ︵ᠵᠢᠷᠢᠨ᠂ ᠵᠢᠴᠢ᠂ ᠵᠢᠷᠮᠦᠰᠦᠨ᠂ ᠵᠢᠭᠦᠷ ᠁ ᠭᠡᠬᠦ ᠮᠡᠲᠤ ᠦᠭᠡ ᠶᠢ ᠪᠦᠲᠦᠭᠡᠭᠰᠡᠨ ︽ᠬᠤᠶᠠᠷ︾ ᠭᠡᠬᠦ ᠤᠳᠬᠠᠲᠠᠢ ︽ᠵᠢ᠊︾ ᠢᠵᠠᠭᠤᠷ ᠤᠨ ᠬᠤᠪᠢᠯᠪᠤᠷᠢ︶ ᠠᠴᠠ ︽ᠵᠡ᠊ + ᠷ᠊ + ᠭᠡ→ ᠵᠡᠷᠭᠡ︾ ᠭᠡᠵᠦ ᠡᠭᠦᠰᠦᠭᠰᠡᠨ ᠦᠭᠡ ᠶᠤᠮ᠃ ᠬᠦᠮᠦᠨ ᠶᠠᠭᠤᠮᠠᠨ ᠤ ᠬᠤᠶᠠᠷ ᠪᠣᠯᠵᠦ ︽ᠵᠡᠷᠭᠡᠴᠡᠬᠦ︾ ᠶᠢ ᠵᠢᠭᠠᠳᠠᠭ ᠨᠢ ᠡᠭᠦᠨ ᠤ ᠦᠨᠳᠦᠰᠦᠨ ᠤᠳᠬ᠎ᠠ ᠪᠠᠶᠢᠭᠰᠠᠨ ᠪᠠᠶᠢᠬᠤ ᠡ᠃ ︽ᠵᠡᠷᠭᠡᠴᠡᠬᠦ︾ ᠳᠤ ᠬᠡᠳᠦᠶᠢᠪᠡᠷ ᠲᠣᠭᠠᠨ ᠤ ᠬᠢᠵᠠᠭᠠᠷ ᠦᠭᠡᠢ ᠦᠷᠭᠦᠯᠵᠢᠯᠡᠵᠦ ᠪᠣᠯᠬᠤ ᠮᠡᠲᠤ ᠪᠣᠯᠪᠠᠴᠤ ᠶᠠᠭ ᠰᠠᠭᠤᠷᠢ ᠨᠢ ᠦᠨᠡᠨᠳᠡᠭᠡᠨ ︽ᠬᠤᠶᠠᠷ ︾ ᠤᠨ ᠯᠡ ᠵᠡᠷᠭᠡᠴᠡᠭᠡ ᠶᠤᠮ᠃ ᠬᠡᠴᠢᠨᠡᠨ ᠲᠤᠭ᠎ᠠ ᠲᠠᠢ ︽ᠵᠡᠷᠭᠡᠴᠡᠯ᠎ᠡ︾ ᠭᠡᠳ ᠨᠢᠭᠡᠳᠡᠬᠢ ᠨᠢ ᠬᠤᠶᠠᠳᠠᠬᠢ ᠲᠠᠢ ᠪᠠᠨ ᠨᠢᠭᠡ ︽ᠵᠡᠷᠭᠡ︾︔ ᠬᠤᠶᠠᠳᠠᠬᠢ ᠨᠢ ᠭᠤᠷᠪᠠᠳᠠᠬᠢ ᠲᠠᠢ ᠪᠠᠨ ᠨᠢᠭᠡ ︽ᠵᠡᠷᠭᠡ︾︔ ᠭᠤᠷᠪᠠᠳᠠᠬᠢ ᠨᠢ ᠳᠦᠷᠪᠡᠳᠡᠬᠢ ᠲᠠᠢ ᠪᠠᠨ ᠨᠢᠭᠡ ︽ᠵᠡᠷᠭᠡ︾᠃ ᠳᠦᠷᠪᠡᠳᠡᠬᠢ ᠨᠢ ᠲᠠᠪᠤᠳᠠᠬᠢ ᠲᠠᠢ ᠪᠠᠨ ᠨᠢᠭᠡ ︽ᠵᠡᠷᠭᠡ︾ ᠁᠂ ᠭᠡᠬᠦᠴᠢᠯᠡᠨ ᠴᠣᠬᠤᠮ ᠰᠠᠭᠤᠷᠢ  ᠨᠢ ︽ᠬᠤᠶᠠᠷ︾ ᠪᠣᠯᠬᠤ ᠯᠡ ᠠᠰᠠᠭᠤᠳᠠᠯ ᠶᠤᠮ᠃ ᠡᠭᠦᠨᠴᠢᠯᠡᠨ ︽ᠬᠤᠶᠠᠷ︾ ᠢᠶᠠᠷ ᠰᠠᠭᠤᠷᠢ ᠪᠣᠯᠭᠠᠵᠦ ᠵᠡᠷᠭᠡᠴᠡᠨ ᠵᠢᠭᠰᠠᠬᠤ ᠶᠢᠨ ᠨᠡᠷ᠎ᠡ ᠠᠴᠠ ᠠᠪᠠ ᠶᠢᠨ ᠵᠠᠩ ᠦᠢᠯᠡ ᠶᠢᠨ ᠭᠡᠷ᠎ᠡ ᠦᠭᠡ ᠪᠣᠢ ᠪᠣᠯᠵᠦ ᠡᠭᠦᠨ ᠠᠴᠠ ᠪᠠᠨ ᠬᠥᠭᠵᠢᠵᠦ ᠴᠡᠷᠢᠭ ᠤᠨ ᠶᠠᠪᠤᠳᠠᠯ ᠤᠨ ᠭᠡᠷ᠎ᠡ ᠦᠭᠡ ᠪᠣᠯᠵᠦ ᠲᠣᠭᠲᠠᠪᠤᠷᠢᠵᠢᠭᠰᠠᠨ ᠭᠡᠳᠡᠭ ᠨᠢ ᠳᠡᠮᠡᠢ ᠰᠡᠵᠢᠭᠯᠡᠭᠳᠡᠮᠡᠷ ᠪᠢᠰᠢ ᠪᠠᠶᠢᠨ᠎ᠠ᠃            ᠠᠪᠠ ᠶᠢᠨ ︽ᠵᠡᠷᠭᠡ︾ ᠴᠤ ᠲᠡᠷᠡ᠂ ᠴᠡᠷᠢᠭ ᠤᠨ ︽ᠵᠡᠷᠭᠡ︾ ᠴᠤ ᠲᠡᠷᠡ ︽ᠡᠩᠨᠡᠭᠡ ᠵᠢᠭᠰᠠᠭᠠᠯ︾ ᠭᠡᠳᠡᠭ ᠴᠢᠩᠭ᠎ᠠ ᠬᠠᠲᠠᠭᠤ ᠡᠮᠬᠢ ᠵᠢᠷᠤᠮ ᠲᠠᠢ ᠪᠠᠶᠢᠪᠠᠯ ᠵᠣᠬᠢᠬᠤ ᠵᠦᠢᠯ ᠢ ᠬᠡᠯᠡᠳᠡᠭ ᠪᠠᠶᠢᠭᠰᠠᠨ ᠠᠴᠠ ᠡᠬᠢ ᠠᠪᠴᠤ ᠬᠠᠭᠠᠨ  ᠤ ᠵᠠᠷᠯᠢᠭ ᠵᠠᠬᠢᠶ᠎ᠠ ᠲᠡᠷᠢᠭᠦᠲᠡᠨ  ᠢ ᠶᠣᠰᠣᠴᠢᠯᠠᠨ ᠪᠡᠶᠡᠯᠡᠭᠦᠯᠵᠦ᠂ ᠵᠦᠷᠢᠴᠡᠨ ᠣᠰᠤᠯᠳᠠᠭᠰᠠᠨ ︵ᠣᠰᠤᠯᠳᠠᠬᠤ︶ ᠦᠭᠡᠢ ᠭᠡᠳᠡᠭ ᠢ ᠢᠯᠡᠳᠬᠡᠬᠦ ᠲᠣᠭᠳᠠᠭᠰᠠᠨ ᠦᠪᠡᠷᠮᠢᠴᠡ ᠬᠡᠯᠡᠯᠭᠡ ᠴᠤ ᠪᠤᠢ ᠪᠣᠯᠤᠭᠰᠠᠨ ᠶᠤᠮ ᠪᠠᠶᠢᠨ᠎ᠠ᠃ ︽ᠮᠣᠩᠭᠤᠯ ᠤᠨ ᠨᠢᠭᠤᠴᠠ ᠲᠣᠪᠴᠢᠶᠠᠨ︾ ᠳᠤ ︽‍ᠶ᠎ᠡ ᠳ᠋ᠡᠴᠡ ᠦᠯᠦ ᠬᠤᠵᠢᠳᠠᠨ᠂ ᠵᠡᠷᠭᠡ ᠳ᠋ᠡᠴᠡ ᠦᠯᠦ ᠴᠦᠯᠡᠶᠢᠳᠡᠨ ︾ ︵255︶ ᠭᠡᠳᠡᠭ ᠶᠣᠰᠣ ᠵᠢᠷᠤᠮ ᠢ ᠪᠠᠷᠢᠮᠲᠠᠯᠠᠬᠤ᠂ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠬᠦ  ᠶᠢ ᠳᠡᠭᠡᠳᠦᠯᠡᠭᠰᠡᠨ ᠦᠪᠡᠷᠮᠢᠴᠡ ᠬᠡᠯᠡᠯᠭᠡ ᠭᠠᠷᠴᠤ ᠪᠤᠢ᠃                                                       ᠪᠦᠷᠢᠨᠪᠠᠲᠤ ︵ᠥᠪᠥᠷ ᠮᠣᠩᠭᠤᠯ ᠤᠨ ᠶᠡᠭᠡ ᠰᠤᠷᠭᠠᠭᠤᠯᠢ︶                                       ᠲᠥᠪ ᠤᠨ ᠲᠧᠯᠸᠢᠰ ᠤᠨ ᠮᠣᠩᠭᠤᠯ ᠰᠦᠯᠵᠢᠶ᠎ᠡ    
 
ᠢᠷᠡᠯᠲᠡ᠄ ᠲᠥᠪ ᠤᠨ ᠲᠧᠯᠸᠢᠰ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号