︽ᠮᠤᠩᠭᠤᠯ ᠤᠨ ᠨᠢᠭᠤᠴᠠ ᠲᠤᠪᠴᠢᠶᠠᠨ︾ ᠳᠠᠬᠢ ︽ᠰᠦᠯᠳᠡᠷ︾ ᠭᠡᠭᠦ ᠦᠭᠡ ᠶᠢᠨ ᠣᠴᠢᠷ
ᠨᠡᠶᠢᠲᠡᠯᠡᠭᠰᠡᠨ ᠴᠠᠭ᠄
2018-08-17
              ︽ᠮᠤᠩᠭᠤᠯ ᠤᠨ ᠨᠢᠭᠤᠴᠠ ᠲᠤᠪᠴᠢᠶᠠᠨ︾ ᠳᠠᠬᠢ               ︽ᠰᠦᠯᠳᠡᠷ︾ ᠭᠡᠭᠦ ᠦᠭᠡ ᠶᠢᠨ ᠣᠴᠢᠷ                                                           ᠪᠡᠯᠡᠭ ᠤᠨ ᠴᠡᠪᠡᠭ          ᠲᠡᠯᠡᠭᠡᠢ ᠲᠠᠭᠢᠨ ᠳᠤ ᠠᠯᠳᠠᠷᠰᠢᠵᠦ ᠰᠣᠳᠤᠯᠣᠭᠴᠢᠳ ‍ᠤᠨ‌ᠠᠩᠬᠠᠷᠣᠯ ᠢ ᠲᠠᠲᠠᠵᠦ ᠤᠩᠰᠢᠭᠴᠢ ᠶᠢᠨ ᠣᠷᠮ᠎ᠠ ᠶᠢ ᠭᠦᠭᠵᠢᠭᠡᠭᠰᠡᠨ ᠠᠪᠤᠷᠭᠤ ᠪᠥᠳᠥᠭᠡᠯ ᠪᠤᠯᠬᠤ ︽ᠮᠤᠩᠭᠤᠯ ᠤᠨ ᠨᠢᠭᠤᠴᠠ ᠲᠤᠪᠴᠢᠶᠠᠨ︾ ᠤ ᠤᠯᠠᠨ ᠲᠠᠯ᠎ᠠ ᠶᠢᠨ ᠰᠣᠳᠣᠯᠣᠯ ᠰᠢᠨᠵᠢᠯᠡᠯᠳᠠ ᠤᠯᠤᠰ ᠤᠨ ᠲᠤᠳᠤᠭᠠᠳᠤ ᠭᠠᠳᠠᠭᠠᠳᠤ ᠳᠤ ᠥᠷᠨᠢᠵᠦ ᠠᠰᠤᠷᠤ ᠶᠡᠭᠡ ᠠᠮᠵᠢᠯᠳᠠ ᠤᠯᠵᠠᠢ᠃          ᠭᠡᠪᠡᠴᠤ᠂ ︽ᠨᠢᠭᠤᠴᠠ ᠲᠤᠪᠴᠢᠶᠠᠨ︾ ᠪᠤᠯ ᠨᠢᠭᠡᠨ ᠠᠭᠤᠳᠠᠯᠵᠦ ᠪᠠᠷᠠᠰᠢ ᠦᠭᠡᠢ ᠡᠷᠳᠡᠨᠢ ᠶᠢᠨ ᠠᠭᠤᠷᠬᠠᠢ ᠮᠥᠨ ᠲᠤᠯᠠ ᠬᠤᠶᠢᠰᠢᠳᠠ ᠪᠤᠭᠦ ᠳᠡᠯᠡᠬᠡᠢ ᠪᠠᠷ ᠤᠷᠲᠤ ᠤᠳᠠᠭᠠᠨ ᠬᠤᠭᠤᠴᠠᠭ᠎ᠠ ᠪᠠᠷ ᠰᠣᠳᠣᠯᠬᠤ  ᠴᠢᠬᠤᠯᠳᠠᠢ ᠪᠢᠯᠠ᠃ ᠪᠠᠶᠠᠷ ᠭᠤᠸᠠᠢ ᠠᠴᠠ᠄ ︽ᠨᠢᠭᠤᠴᠠ ᠲᠤᠪᠴᠢᠶᠠᠨ ᠳᠤ ᠬᠠᠳᠠᠭᠠᠯᠠᠭᠳᠠᠵᠣ ᠪᠠᠶᠢᠬᠤ ᠡᠷᠳᠡᠨ ᠤ ᠮᠤᠩᠭᠤᠯ ᠭᠡᠯᠡᠨ ᠤ ᠥᠪ ᠭᠦᠷᠦᠩᠭᠡ ᠶᠢᠨ ᠪᠠᠶᠠᠯᠢᠭ ᠨᠢ ᠡᠷᠳᠡᠨ ᠤ ᠮᠤᠩᠭᠤᠯ ᠭᠡᠯᠠ ᠶᠢᠨ ᠰᠣᠳᠣᠯᠬᠤ ᠳᠤ ᠵᠠᠷᠤᠭᠠᠳ ᠪᠠᠷᠠᠭᠳᠠᠰᠢ ᠦᠭᠡᠢ ᠤᠭ ᠮᠠᠲ᠋ᠢᠷᠢᠶᠠᠯ ᠢ ᠤᠯᠭᠤᠵᠦ ᠥᠭᠭᠦᠨ᠎ᠠ︾ ① ᠭᠡᠵᠦ ᠤᠨᠤᠵᠦ ᠭᠡᠯᠡᠵᠠᠢ᠃          ︽ᠨᠢᠭᠤᠴᠠ ᠲᠤᠪᠴᠢᠶᠠᠨ︾ ᠳᠠᠬᠢ ᠡᠳᠡᠭᠡᠷ ᠪᠠᠷᠠᠭᠳᠠᠰᠢ ᠦᠭᠡᠢ ᠪᠡᠷᠢᠶᠠᠭᠡᠲᠠᠢ 〔bereketai ︿ᠯᠠᠲ᠋ᠢᠨ ᠦᠰᠦᠭ﹀ ᠡᠯᠪᠡᠭ ᠲᠡᠯᠪᠡᠭ ᠭᠡᠰᠡᠨ ᠤᠳᠬᠠᠲᠠᠢ〕ᠦᠭᠡ ᠨᠦᠭᠦᠳ ᠨᠢ ᠮᠤᠩᠭᠤᠯ ᠤᠨ ᠤᠯᠠᠨ ᠰᠠᠯᠪᠤᠷᠢ ᠠᠶᠢᠮᠠᠭ ᠤᠳ ᠤᠨ ᠠᠮᠠᠨ ᠶᠠᠷᠢᠶᠠᠨ ᠳᠤ ᠠᠳᠠᠯᠢ ᠪᠤᠰᠤ ᠭᠡᠮᠵᠢᠶ᠎ᠡ ᠪᠠᠷ ᠬᠠᠳᠠᠭᠠᠯᠠᠭᠳᠠᠨ ᠢᠷᠡᠭᠰᠡᠨ ᠪᠠᠶᠢᠭ᠎ᠠ ᠶᠢ ᠨᠠᠷᠢᠪᠴᠢᠯᠠᠨ ᠰᠣᠳᠣᠯᠪᠠᠯ ᠮᠡᠳᠡᠵᠦ ᠪᠤᠯᠬᠤ ᠶᠤᠮ᠃     ᠮᠢᠨᠦ ᠠᠳᠠ ᠶᠠᠷᠢᠬᠤ ᠭᠡᠵᠦ ᠪᠠᠶᠢᠬᠤ ᠵᠦᠢᠯ ᠪᠤᠯ ᠲᠠᠷᠤᠢ ︽ᠨᠢᠭᠤᠴᠠ ᠲᠤᠪᠴᠢᠶᠠᠨ︾ ᠳᠠᠬᠢ ᠡᠷᠳᠡᠨ ᠤ ᠭᠡᠯᠡᠨ  ᠠᠴᠠ ᠥᠭᠡᠯᠡᠳᠴᠤᠳ ᠤᠨ ᠠᠮᠠᠨ ᠠᠶᠠᠯᠭᠤᠨ ᠳᠤ ᠦᠨᠦ ᠭᠦᠷᠳᠡᠯ᠎ᠠ ᠤᠯᠠᠮᠵᠢᠯᠠᠭᠳᠠᠨ ᠢᠷᠡᠵᠦ ᠢᠳᠡᠪᠬᠢᠳᠠᠢ ᠭᠡᠯᠡᠭᠳᠡᠵᠦ ᠪᠠᠶᠢᠬᠤ ᠦᠭᠡᠰ ᠤᠨ ᠨᠢᠭᠡᠨ ᠠᠴᠠ ︿ᠰᠦᠯᠳᠡᠷ﹀ ᠭᠡᠭᠦ ᠦᠭᠡ ᠶᠢ ᠰᠤᠩᠭᠤᠨ ᠲᠠᠶᠢᠯᠪᠦᠷᠢᠯᠠᠬᠤ ᠶᠠᠪᠤᠳᠠᠯ ᠪᠤᠯᠤᠨ᠎ᠠ᠃ ᠥᠭᠡᠷ᠎ᠠ ᠪᠠᠷ ᠭᠡᠯᠡᠪᠡᠯ᠂ ᠲᠤᠬᠠᠢ ᠶᠢᠨ ᠦᠶ᠎ᠡ ᠶᠢᠨ ᠭᠦᠮᠦᠰ ᠠᠴᠠ ᠶᠠᠭᠤᠨ ᠳᠤ ᠴᠢᠩᠭᠢᠰ ᠬᠠᠭᠠᠨ ᠪᠠ ᠲᠠᠭᠦᠨ ᠤ ᠲᠡᠭᠡᠳᠦᠰ ᠢ ︿ᠰᠦᠯᠳᠡᠷ﹀ ᠭᠡᠵᠦ ᠭᠡᠯᠡᠭᠰᠡᠨ ᠤ ᠤᠴᠢᠷ ᠪᠤᠯᠤᠨ ︿ᠰᠦᠯᠳᠡᠷ﹀ ᠭᠡᠭᠦ ᠶᠢᠨ ᠴᠤᠬᠤᠮ ᠤᠳᠬ᠎ᠠ ᠤᠴᠢᠷ ᠨᠢ ᠶᠠᠭᠤ ᠪᠤᠯᠬᠤ ᠲᠤᠬᠠᠢ ᠥᠪᠡᠷ ᠤᠨ ᠦᠵᠡᠯᠳᠠ ᠪᠠᠨ ᠶᠠᠷᠢᠶ᠎ᠡ ᠭᠡᠰᠡᠨ ᠶᠤᠮ᠃          ︽ᠨᠢᠭᠤᠴᠠ ᠲᠤᠪᠴᠢᠶᠠᠨ︾ ᠳᠤ ︿ᠰᠦᠯᠳᠡᠷ﹀ ᠭᠡᠰᠡᠨ ᠦᠭᠡ ᠶᠢ ᠲᠠᠪᠤᠷ ᠲᠤᠪᠤᠷ( ᠴᠥᠭᠡᠨ ᠭᠡᠰᠡᠨ ᠤᠳᠬ᠎ᠠ ᠲᠠᠢ〕 ᠬᠡᠷᠡᠭᠯᠡᠭᠰᠡᠨ ᠪᠤᠯᠪᠠᠴᠤ ᠨᠢᠭᠡ ᠦᠶ᠎ᠡ ᠶᠢᠨ ᠲᠡᠭᠷᠢᠯᠢᠭ〔 ︽ᠨᠢᠭᠤᠴᠠ ᠳᠣᠪᠴᠢᠶᠠᠨ︾ ᠤ ᠭᠢᠲᠠᠳ ᠭᠠᠯᠢᠭᠯᠡᠯ ᠳᠤ ﹇腾格理﹈ ᠭᠡᠵᠦ ᠪᠢᠴᠢᠵᠦ ᠪᠠᠶᠢᠬᠤ ᠪᠠ ᠥᠢᠷᠡᠳᠴᠤᠳ ᠴᠤ ᠡᠨᠠ ᠤᠭ ᠡᠷᠳᠡᠨ ᠤ ᠭᠡᠯᠡᠯᠭᠡ  ᠪᠠᠷ ᠨᠢ ᠭᠡᠯᠡᠳᠡᠭ ᠪᠥᠭᠡᠳ ᠲᠦᠷᠦᠭ ᠭᠠᠷᠤᠯ ᠤᠨ ᠦᠢᠭᠤᠷ᠂ ᠬᠠᠰᠠᠭ ︿ᠺᠠᠵᠠᠭ﹀ ᠭᠢᠷᠭᠢᠰ ᠭᠡᠯᠡᠨ ᠳᠤ ﹇ᠲᠡᠩᠷᠢ﹈ ᠭᠡᠵᠦ ᠭᠡᠯᠡᠳᠡᠭ᠃ ᠠᠳᠠ ᠤᠭ ᠭᠡᠯᠡᠯᠭᠡ ᠶᠢ ᠬᠡᠷᠡᠭᠯᠡᠪᠡᠢ〕ᠭᠦᠪᠡᠭᠦᠨ ᠴᠢᠩᠭᠢᠰ ᠬᠠᠭᠠᠨ ᠲᠠᠢ ᠰᠢᠭᠤᠳ ᠬᠤᠯᠪᠤᠭᠠᠲᠠᠢ ᠦᠭᠡ ᠶᠤᠮ᠃ ᠡᠨᠡᠭᠦ ᠦᠭᠡ ᠶᠢᠨ ᠲᠤᠬᠠᠢ ᠡᠷᠳᠡᠮᠳᠡᠨ ᠮᠡᠷᠭᠡᠳ ᠨᠠᠷ ᠤᠯᠠᠨ ᠵᠦᠢᠯ ᠤᠨ ᠲᠠᠶᠢᠯᠪᠥᠷᠢᠯᠠᠯᠳᠠ ᠭᠡᠭᠰᠡᠨ ᠪᠠᠶᠢᠨ᠎ᠠ᠃ ᠡᠳᠡᠭᠡᠷ ᠢ ᠲᠤᠪᠴᠢᠯᠠᠪᠠᠯ᠄ ⑴ ᠡᠯᠳᠡᠭᠲᠠᠢ ᠨᠡᠷ ᠠᠴᠠ᠄ ︽ᠰᠦᠯᠳᠡᠷ ᠪᠤᠶᠤ ᠰᠦᠯᠳᠠ ᠭᠡᠮᠡᠭᠦ ᠢᠨᠦ ᠰᠠᠶᠢᠨ ᠪᠡᠯᠭᠡ᠂ ᠲᠡᠭᠡᠳᠦᠰ ᠤᠨ ᠪᠤᠶᠠᠨ᠂ ᠰᠤᠳᠤ ᠮᠡᠷᠭᠡᠨ ᠢ ᠭᠡᠯᠡᠮᠦᠢ᠃︾ ② ᠭᠡᠵᠠᠢ᠃ ⑵ᠪ᠊᠂ ᠸᠠᠩᠴᠢᠯ ᠠᠴᠠ ᠄ ︽ᠰᠦᠯᠳᠡᠷ — ᠰᠦᠷ ᠰᠦᠯᠳᠠ᠂ ᠤᠪᠤᠭ ᠤᠨ ᠰᠠᠭᠢᠭᠤᠯᠰᠤ︾ ③ ᠭᠡᠵᠠᠢ᠃ ⑶ᠲᠤᠷᠦᠨᠠᠲᠢᠪ ᠠᠴᠠ᠄ ︽ᠰᠦᠯᠳᠡᠷ ᠭᠡᠭᠦ ᠤᠯᠠᠨ ᠤᠳᠬ᠎ᠠ ᠲᠠᠢ ᠦᠭᠡ︾ ᠭᠡᠰᠡᠨ ᠪᠥᠭᠡᠳ ᠭᠤᠤᠯᠳᠠᠭᠤ ᠪᠠᠰᠠ ᠯᠠ ᠰᠦᠷ᠂ ᠰᠦᠯᠳᠠ ᠰᠠᠭᠢᠭᠤᠯᠰᠤ ᠭᠡᠭᠦ ᠮᠡᠲᠦ ᠪᠠᠷ ᠲᠠᠶᠢᠯᠪᠦᠷᠢᠯᠠᠵᠠᠢ᠃ ④᠂ ⑷ ᠴ᠊᠂ᠳᠠᠮᠳᠢᠨᠰᠦ᠋ᠷᠥᠩ ᠪᠠ ᠪᠤᠰᠤᠳ ᠰᠣᠳᠣᠯᠣᠭᠴᠢ ᠨᠠᠷ ᠴᠤ ᠡᠮᠦᠨ᠎ᠡ ᠲᠤᠷᠡᠳᠤᠭᠰᠠᠨ ᠦᠵᠡᠯᠳᠠ ᠨᠦᠭᠦᠳ ᠲᠠᠢ ᠠᠳᠠᠯᠢ ᠲᠠᠶᠢᠯᠪᠦᠷᠢᠯᠠᠵᠠᠢ᠃          ᠡᠳᠡᠭᠡᠷ ᠳᠠᠶᠢᠯᠪᠥᠷᠢᠯᠠᠯᠳᠠ ᠨᠦᠭᠦᠳ ᠢ ᠠᠵᠢᠭᠯᠠᠪᠠᠯ ᠪᠦᠷ ᠯᠠ ᠬᠠᠵᠠᠭᠤ ᠶᠢᠨ ᠤᠷᠴᠢᠭᠤᠯᠭ᠎ᠠ ᠳᠤ ᠪᠠᠷᠢᠭᠳᠠᠭᠰᠠᠨ ᠰᠢᠭ᠋ ᠪᠠᠶᠢᠭ᠎ᠠ ᠪᠥᠭᠡᠳ ᠤᠨᠤᠵᠦ ᠳᠠᠶᠢᠯᠪᠤᠷᠢᠯᠠᠭᠰᠠᠨ ᠳᠠᠶᠢᠯᠪᠤᠷᠢᠯᠠᠯᠯᠳᠠ ᠭᠡᠵᠦ ᠦᠵᠡᠭᠦ ᠶᠢᠨ ᠠᠷᠭ᠎ᠠ ᠦᠭᠡᠢ ᠪᠠᠶᠢᠨ᠎ᠡ᠃ ᠶᠠᠭᠠᠬᠢᠭᠠᠳ ᠭᠡᠪᠡᠯ ᠡᠨᠡᠭᠦ ᠦᠭᠡ ᠤᠳᠤ ᠶᠢᠨ ᠣᠶᠢᠷᠠᠳ ᠠᠮᠠᠨ ᠠᠶᠠᠯᠭᠤᠨ ᠳᠤ ᠡᠷᠳᠡᠨ ᠤ ᠤᠳᠬ᠎ᠠ ᠪᠠᠨ ᠬᠠᠳᠠᠭᠠᠯᠠᠵᠦ ᠢᠳᠡᠪᠬᠢᠳᠠᠢ ᠬᠡᠷᠡᠭᠯᠡᠭᠳᠡᠵᠦ ᠪᠠᠶᠢᠳᠠᠭ ᠠᠴᠠ ᠮᠡᠳᠡᠵᠦ ᠪᠤᠯᠬᠤ ᠶᠤᠮ᠃            ︿ᠰᠦᠯᠳᠡᠷ﹀ ᠭᠡᠭᠦ ᠦᠭᠡ ᠶᠢᠨ ᠦᠨᠳᠦᠰᠦᠨ ᠤᠳᠬ᠎ᠠ ᠨᠢ ᠶᠡᠷᠥ ᠪᠤᠰᠤ ᠲᠥᠷᠦᠯᠭᠡᠳᠦ ᠭᠦᠮᠦᠨ ᠤ ᠬᠤᠪᠢᠯᠪᠦᠷᠢ ᠲᠦᠷᠢ ᠪᠤᠶᠤ ᠰᠦᠨᠡᠰᠤ ᠦᠭᠡᠢ ᠬᠤᠭᠤᠰᠤᠨ ᠪᠡᠶ᠎ᠡ ᠴᠤᠭᠴᠠ(ᠡᠭᠦᠨ ᠢ ᠬᠤᠶᠢᠨᠡᠭᠢ ᠭᠡᠰᠡᠭ ᠲᠤ ᠨᠠᠷᠢᠪᠴᠢᠯᠠᠨ ᠶᠠᠷᠢᠨ᠎ᠠ)ᠭᠡᠰᠡᠨ ᠦᠭᠡ ᠪᠤᠯᠬᠤ ᠪᠥᠭᠡᠳ ᠲᠠᠭᠦᠨ ᠤ ᠰᠠᠯᠪᠦᠷᠢ ᠤᠳᠬ᠎ᠠ ᠨᠤᠭᠤᠳ ᠬᠠᠷᠢᠨ ᠤᠯᠠᠨ ᠪᠠᠶᠢᠳᠠᠭ᠃ ⑴ᠭᠡᠷᠡᠭ ᠶᠠᠪᠤᠳᠠᠯ ᠦᠯᠦ ᠪᠦᠲᠦᠭᠡᠵᠦ ᠴᠢᠳᠠᠬᠤ ᠤᠶᠤᠨ ᠴᠢᠳᠠᠯ᠂ ᠳᠡᠩᠭᠡᠭᠡ ᠭᠦᠴᠦ ᠨᠢ ᠲᠤᠷᠤᠢ ᠭᠦᠮᠦᠨ ᠢ ᠬᠤᠭᠤᠰᠤᠨ ᠰᠦᠯᠳᠡᠷ ᠭᠡᠳᠡᠭ᠃ ⑵ᠶᠠᠮᠠᠷ ᠨᠢᠭᠡ ᠶᠠᠭᠤᠮ᠎ᠠ ᠠᠴᠠ ᠰᠤᠴᠢᠵᠦ ᠠᠶᠤᠭᠠᠳ ᠥᠩᠭᠡ ᠵᠢᠰᠤ ᠠᠯᠳᠡᠵᠦ ᠡᠪᠡᠳᠴᠢᠯᠡᠭᠰᠡᠨ ᠪᠤᠶᠤ ᠴᠤᠭ ᠵᠢᠪᠬᠤᠯᠠᠩ ᠦᠭᠡᠢ ᠪᠤᠯᠤᠭᠰᠠᠨ ᠭᠦᠮᠦᠨ ᠢ ᠰᠦᠨᠡᠰᠤ ᠤ ᠵᠠᠶᠢᠯᠠᠵᠦ ᠰᠦᠯᠳᠡᠷ ᠪᠤᠯᠵᠢ ᠭᠡᠳᠡᠭ᠃ ⑶ᠨᠢᠭᠡᠨᠳᠠ ᠨᠠᠰᠤ ᠪᠠᠷᠠᠭᠰᠠᠨ ᠭᠦᠮᠦᠨ ᠢ ᠲᠠᠭᠦᠨ ᠤ ᠭᠡᠤᠭᠡᠳ ᠪᠤᠶᠤ ᠥᠢᠷ᠎ᠡ ᠲᠥᠷᠦᠯ ᠠᠴᠠ ᠨᠢᠭᠡ ᠨᠢ ᠶᠠᠭ( ᠭᠠᠳᠠᠷ ᠲᠦᠷᠢ᠂ ᠦᠭᠡ ᠶᠠᠷᠢᠶ᠎ᠡ᠂ ᠭᠥᠳᠡᠯᠴᠠ ᠪᠠᠷᠢᠴᠠ ᠵᠡᠷᠭᠡ ᠲᠠᠯᠠᠷ)ᠲᠠᠭᠤᠷᠢᠶᠠᠭᠰᠠᠨ ᠭᠦᠮᠦᠨ ᠪᠠᠶᠢᠪᠠᠯ ᠡᠨᠡᠭᠦ ᠭᠡᠤᠭᠡᠳ ᠢ ᠲᠡᠷᠡᠭᠦ ᠨᠠᠰᠤ ᠪᠠᠷᠠᠭᠰᠠᠨ ᠭᠦᠮᠦᠨ ᠤ ︿ᠰᠦᠯᠳᠡᠷ﹀ ᠨᠢ ᠮᠥᠨ ᠭᠡᠵᠦ ᠭᠡᠯᠡᠳᠡᠭ᠃            ᠤᠳᠤ ᠪᠢᠳᠠ ︿ᠰᠦᠯᠳᠡᠷ﹀ ᠭᠡᠭᠦ ᠦᠭᠡ ᠡᠷᠳᠡᠨ ᠤ ᠦᠶ᠎ᠡ ᠳᠤ ᠶᠠᠭᠠᠬᠢᠵᠣ ᠭᠡᠯᠡᠭᠳᠡᠵᠦ ᠪᠠᠶᠢᠭᠰᠠᠨ ᠢ ᠦᠵᠡᠶ᠎ᠡ᠃ ︽ᠨᠢᠭᠤᠴᠠ ᠲᠤᠪᠴᠢᠶᠠᠨ︾ ᠳᠤ ᠡᠨᠡᠭᠦ ᠦᠭᠡ ᠭᠤᠷᠪᠡᠨ ᠤᠳᠠᠭ᠎ᠠ ᠬᠡᠷᠡᠭᠯᠡᠵᠡᠢ᠃            A᠂ ᠶᠢᠰᠦᠭᠡᠢ ᠪᠠᠭᠠᠳᠤᠷ ᠲᠡᠮᠦᠵᠢᠨ ᠢ ᠨᠠᠭᠠᠴᠤ ᠨᠠᠷ ᠠᠴᠠ ᠦᠬᠢᠨ ᠭᠤᠶᠤᠬᠤ ᠪᠠᠷ ᠶᠠᠪᠤᠵᠦ ᠪᠠᠶᠢᠳᠠᠯ᠎ᠠ ᠵᠠᠮ ᠲᠠᠭᠡᠷ᠎ᠠ ᠨᠢ ᠬᠤᠩᠭᠢᠷᠠᠳ ᠤᠨ ᠲᠠᠢ ᠰᠡᠴᠡᠨ ᠠᠭᠤᠯᠵᠠᠵᠦ᠄ ︽᠁ ᠲᠠᠨ ᠤ ᠭᠢᠶᠠᠳ ᠢᠷᠭᠡᠨ ᠤ ᠰᠦᠯᠳᠡᠷ ᠵᠢᠭᠠᠭᠰᠠᠨ ᠠᠵᠦᠭᠤ᠂︾ ⑤            B᠂ ᠵᠠᠮᠤᠬ᠎ᠠ ᠠᠴᠠ ᠴᠢᠩᠭᠢᠰ ᠬᠠᠭᠠᠨ ᠳᠤ ᠭᠡᠯᠡᠭᠰᠡᠨ ᠦᠭᠡ᠂ ︽᠁ ᠢᠯᠠᠭᠦᠤ ᠲᠦᠷᠦᠯᠭᠡᠲᠤ ᠠᠨᠳᠠ ᠴᠢᠨᠦ ᠰᠦᠯᠳᠡᠷ᠎ᠠ ᠲᠠᠷᠤᠭᠳᠠᠪᠠ ᠪᠢ︾ ⑥            C᠂ ᠲᠠᠩᠭᠤᠳ ᠤᠨ ᠪᠤᠷᠬᠠᠨ ᠠᠩᠬ᠎ᠠ ᠡᠪᠰᠡᠨ ᠳᠠᠭᠠᠵᠤ ᠢᠷᠡᠭᠦ ᠳᠡᠭᠡᠨ ᠭᠡᠯᠡᠭᠰᠡᠨ ︽᠁ ᠰᠦᠯᠳᠡᠷᠳᠤ ᠪᠡᠶ᠎ᠡ ᠴᠢᠨᠦ ᠭᠦᠷᠴᠦ ᠢᠷᠡᠭᠳᠡᠵᠦ ᠰᠦᠯᠳᠡᠷ ᠠᠴᠠ ᠠᠶᠤᠪᠠ ᠪᠢ︾ ⑦ ᠭᠡᠭᠦ ᠵᠡᠷᠭᠡ ᠪᠤᠯᠤᠨ᠎ᠠ᠃ ᠡᠨᠡ ᠭᠤᠷᠪᠡᠨ ᠰᠦᠯᠳᠡᠷ ᠭᠡᠭᠦ ᠦᠭᠡ ᠶᠢ ᠭᠢᠳᠠᠳ ᠦᠰᠦᠭ ᠢᠶᠠᠷ ᠭᠠᠯᠢᠭᠯᠠᠬᠤ ᠳᠠᠭᠠᠨ ᠡᠮᠦᠨᠡᠭᠢ ᠨᠢᠭᠡ ᠶᠢ ᠨᠢ ︿速勒迭児﹀ ᠭᠡᠵᠦ ᠬᠠᠵᠠᠭᠤ ᠶᠢᠨ ᠤᠷᠴᠢᠭᠤᠯᠭ᠎ᠠ ᠶᠢ ᠨᠢ吉兆 ﹇ᠰᠠᠶᠢᠨ ᠢᠷᠸ᠎ᠠ᠂ ᠰᠠᠶᠢᠨ ᠪᠡᠯᠭᠡ﹈ ᠭᠡᠳ ᠬᠤᠶᠢᠨᠡᠭᠢ ᠬᠤᠶᠠᠷ ᠢ ᠨᠢ ︿速勒迭剌﹀ ᠭᠡᠵᠦ ᠭᠠᠯᠢᠭᠯᠠᠨ ᠬᠠᠵᠠᠭᠤ ᠶᠢᠨ ᠤᠷᠴᠢᠭᠤᠯᠭ᠎ᠠ ᠶᠢ ᠨᠢ威灵 ︿ᠰᠦᠷ ᠰᠠᠭᠢᠭᠤᠯᠰᠤ﹀ ᠭᠡᠵᠠᠢ᠃            ᠠᠳᠠ ᠭᠡᠳᠦᠪᠡᠷ ᠠᠳᠠᠯᠢ ᠪᠤᠰᠤ ᠪᠠᠷ ᠭᠠᠯᠢᠭᠯᠠᠨ ᠤᠷᠴᠢᠭᠤᠯᠵᠦ ᠪᠠᠶᠢᠬᠤ ᠪᠤᠯᠪᠠᠴᠤ ᠪᠦᠷ ᠯᠠ ︿ᠰᠦᠯᠳᠡᠷ﹀ ᠭᠡᠭᠦ ᠦᠭᠡ ᠮᠥᠨ ᠪᠥᠭᠡᠳ ᠭᠢᠳᠠᠳ ᠭᠡᠯᠡᠨ ᠳᠤ ︿ᠰᠦᠯᠳᠡᠷ﹀ ᠭᠡᠭᠦ ᠲᠤᠰᠬᠠᠢ ᠨᠡᠷ᠎ᠠ ᠦᠭᠡᠢ ᠪᠤᠯᠤᠭᠠᠳ ᠲᠡᠷᠡᠭᠦ ᠭᠡᠷᠡᠭ ᠶᠠᠪᠤᠳᠠᠯ ᠤᠨ ᠬᠥᠥᠷᠨᠢᠭᠳᠡᠬᠦ ᠠᠶᠠᠰ ᠢ ᠮᠥᠷᠳᠠᠨ ᠠᠳᠠᠯᠢ ᠪᠤᠰᠤ ᠪᠠᠷ ᠤᠷᠴᠢᠭᠤᠯᠦᠭ᠌ᠰᠠᠨ ᠴᠤ ᠪᠠᠶᠢᠵᠦ ᠮᠡᠳᠡᠨ᠎ᠡ ᠃            ᠡᠨᠡᠭᠦ ᠰᠦᠯᠳᠡᠷ ᠭᠡᠭᠦ ᠦᠭᠡ ᠪᠥᠭᠡ ᠶᠢᠨ ᠱᠠᠰᠢᠨ ᠲᠠᠢ ᠬᠠᠷᠢᠴᠠᠭ᠎ᠠ ᠬᠤᠯᠪᠤᠭ᠎ᠠ ᠲᠠᠢ ᠭᠡᠳᠡᠭ ᠨᠢ ︽ᠨᠢᠭᠤᠴᠠ ᠲᠤᠪᠴᠢᠶᠠᠨ︾ ᠪᠠ ᠵᠠᠷᠢᠮ ᠨᠤᠲᠤᠭ ᠤᠨ ᠠᠮᠠᠨ ᠶᠠᠷᠢᠶᠠᠨ ᠤ ᠪᠠᠶᠢᠳᠠᠯ ᠠᠴᠠ ᠲᠤᠳᠤᠷᠬᠠᠢ ᠮᠡᠳᠡᠭᠳᠡᠵᠦ ᠪᠤᠢ᠃ ᠲᠡᠶᠢᠮᠦ ᠠᠴᠠ ᠪᠢᠳᠠ ᠡᠨᠡᠭᠦ ᠦᠭᠡ ᠶᠢ ᠪᠥᠭᠡ ᠶᠢᠨ ᠱᠠᠰᠢᠨ ᠤ ᠡᠭᠦᠳᠠᠨ ᠠᠴᠠ ᠢᠷᠡᠵᠦ ᠰᠣᠳᠣᠯᠬᠤ ᠴᠢᠬᠤᠯᠳᠠᠢ ᠪᠠᠶᠢᠨ᠎ᠡ᠃ ᠤᠴᠢᠷ ᠨᠢ ︽ᠨᠢᠭᠤᠴᠠ ᠲᠤᠪᠴᠢᠶᠠᠨ︾ ᠤ ᠪᠢᠴᠢᠭᠳᠡᠭᠰᠡᠨ ᠴᠠᠭ ᠦᠶ᠎ᠡ ᠪᠤᠯᠤᠨ ᠲᠠᠭᠦᠨ ᠠᠴᠠ ᠡᠮᠦᠨᠡᠭᠢ ᠴᠠᠭ ᠦᠶ᠎ᠡ ᠪᠤᠯ ᠪᠥᠭᠡ ᠶᠢᠨ ᠰᠠᠰᠢᠨ ᠨᠢ ᠮᠤᠩᠭᠤᠯᠴᠤᠳ ᠤᠨ ᠰᠢᠳᠦᠭᠡᠨ ᠪᠠ ᠦᠵᠡᠯ ᠰᠠᠨᠠᠭᠠᠨ ᠤ ᠵᠡᠪᠰᠡᠭ ᠪᠤᠯᠵᠦ ᠪᠠᠶᠢᠭᠰᠠᠨ ᠪᠢᠯᠠ᠃ ᠡᠨᠡᠭᠦ ᠱᠠᠰᠢᠨ ᠤ ᠤᠯᠠ ᠮᠥᠷ ᠨᠢ ᠤᠳᠤ ᠪᠤᠯᠳᠠᠯ᠎ᠠ ᠮᠤᠩᠭᠤᠯᠴᠤᠳ ᠤᠨ ᠤᠯᠠᠨ ᠤᠲᠤᠭ ᠠᠶᠢᠮᠠᠭ ᠨᠦᠭᠦᠳ ᠲᠤ ᠠᠳᠠᠯᠢ ᠪᠤᠰᠤ ᠭᠡᠮᠵᠢᠶ᠎ᠡ ᠪᠠᠷ ᠬᠠᠳᠠᠭᠠᠯᠠᠭᠳᠠᠨ ᠢᠷᠡᠭᠰᠡᠨ ᠪᠠᠶᠢᠳᠠᠭ᠂ ᠥᠭᠡᠯᠡᠳ ᠪᠥᠭᠡᠴᠢ( ᠪᠥᠭᠡ ᠵᠢᠨ‌‍ᠱᠠᠰᠢᠨ ᠢ ᠡᠷᠬᠢᠯᠡᠬᠦ ᠭᠦᠮᠦᠰ ᠢ ᠥᠭᠡᠯᠡᠳᠴᠤᠳ ᠪᠥᠭᠡ ᠪᠠᠭᠰᠢ᠂ ᠪᠥᠭᠡᠴᠢ᠂ ᠬᠠᠷ᠎ᠠ ᠪᠠᠭᠰᠢ ᠭᠡᠵᠦ ᠤᠯᠠᠨ ᠵᠦᠢᠯ ᠢᠶᠠᠷ ᠲᠠᠭᠤᠳᠠᠳᠠᠭ )ᠨᠠᠷ ᠠᠴᠠ ᠰᠤᠷᠴᠦ ᠡᠵᠡᠮᠰᠢᠵᠦ ᠦᠵᠡᠪᠠᠯ᠂ ᠭᠦᠮᠦᠨ ᠪᠤᠯ ᠰᠦᠨᠡᠰᠦ ᠪᠠ ᠰᠦᠯᠳᠡᠷ ᠭᠡᠭᠦ ᠬᠤᠶᠠᠷ ᠵᠦᠢᠯ ᠤᠨ ᠶᠠᠭᠤᠮᠠᠨ ᠤ ᠨᠡᠶᠢᠯᠡᠪᠥᠷᠢ ᠠᠴᠠ ᠪᠥᠳᠥᠭᠰᠡᠨ ᠭᠡᠨ᠎ᠠ᠃ ᠰᠦᠯᠳᠡᠷ ᠭᠡᠳᠡᠭ ᠨᠢ ᠪᠡᠶ᠎ᠡ ᠴᠤᠭᠴᠠ ᠶᠢ ᠵᠢᠭᠠᠵᠦ ᠰᠦᠨᠡᠰᠤ ᠭᠡᠳᠡᠭ ᠨᠢ ᠪᠢᠶ᠎ᠡ ᠴᠤᠭᠴᠠ ᠢ ᠲᠠᠭᠠᠭᠰᠠᠨ ᠡᠵᠡᠨ ᠭᠡᠨ᠎ᠡ᠃ ᠪᠡᠶ᠎ᠡ ᠴᠤᠭᠴᠠ ᠳᠤ ᠡᠵᠡᠨ ᠦᠭᠡᠢ ᠪᠤᠯ ᠬᠤᠭᠤᠰᠤᠨ ᠰᠦᠯᠳᠡᠷ ᠪᠤᠯᠳᠠᠭ ᠭᠡᠨ᠎ᠠ᠂ ᠪᠠᠰᠠ ᠭᠦᠮᠦᠨ ᠦᠭᠦᠪᠡᠯ ᠰᠦᠯᠳᠡᠷ ᠨᠢ ᠥᠭᠡᠷ᠎ᠠ ᠭᠦᠮᠦᠨ ᠳᠤ ᠬᠤᠪᠢᠯᠤᠨ ᠲᠦᠷᠦᠳᠡᠭ ᠭᠡᠭᠦ ᠮᠡᠲᠦ ᠪᠠᠷ ᠪᠥᠭᠡ ᠶᠢᠨ ᠱᠠᠰᠢᠨᠳᠠᠨ ᠦᠵᠡᠴᠡᠭᠡᠳᠡᠭ ᠪᠠᠶᠢᠨ᠎ᠡ᠃            ᠡᠨᠡᠭᠦ ᠪᠥᠭᠡ ᠶᠢᠨ ᠱᠠᠰᠢᠨ ᠤ ᠦᠵᠡᠯᠳᠠ ᠪᠠᠷ ᠴᠤ ᠪᠤᠯᠤᠭ᠂ ︽ᠨᠢᠭᠤᠴᠠ ᠲᠤᠪᠴᠢᠶᠠᠨ︾ ᠪᠠ ᠨᠤᠲᠤᠭ ᠤᠨ ᠠᠶᠠᠯᠭᠤᠨ ᠳᠤ ᠭᠡᠯᠡᠭᠳᠡᠵᠦ ᠪᠠᠶᠢᠭ᠎ᠠ ᠪᠠᠶᠢᠳᠠᠯ ᠠᠴᠠ ᠴᠤ ᠦᠵᠡᠭᠰᠡᠨ ᠴᠤ ᠲᠠᠷᠠ᠂ ︿ᠰᠦᠯᠳᠡᠷ﹀ ᠭᠡᠳᠡᠭ ᠨᠢ ᠭᠦᠮᠦᠨ ᠤ ᠴᠤᠭᠴᠠ ᠪᠤᠶᠤ ᠬᠤᠪᠢᠯᠪᠦᠷᠢ ᠲᠦᠷᠢ ᠭᠡᠭᠦ ᠤᠳᠬ᠎ᠠ ᠶᠢ ᠵᠢᠭᠠᠭᠰᠠᠨ ᠲᠤᠰᠬᠠᠢ ᠨᠡᠷ᠎ᠠ ᠪᠥᠭᠡᠳ ᠰᠦᠷ᠂ ᠰᠦᠯᠳᠠ᠂ ᠤᠪᠤᠭ ᠤᠨ ᠰᠠᠭᠢᠭᠤᠯᠰᠤ᠂ ᠰᠠᠶᠢᠨ ᠪᠡᠯᠭᠡ᠂ ᠲᠡᠭᠡᠳᠦᠰ ᠤᠨ ᠪᠤᠶᠠᠨ᠂ ᠰᠤᠳᠤ ᠮᠡᠷᠭᠡᠨ ᠭᠡᠭᠦ ᠮᠡᠲᠦ ᠤᠳᠬ᠎ᠠ ᠲᠠᠢ ᠠᠷᠠᠢ ᠪᠢᠰᠢ ᠪᠠᠶᠢᠬ᠎ᠠ᠃            ᠴᠢᠩᠭᠢᠪᠠᠯ᠂ ᠴᠢᠩᠭᠢᠰ ᠤᠨ ᠲᠡᠭᠡᠳᠦᠰ ᠪᠠ ᠲᠠᠭᠦᠨ ᠤ ᠪᠡᠶ᠎ᠡ ᠶᠢ ᠨᠢ ᠶᠠᠭᠤᠨ ᠳᠤ ︿ᠰᠦᠯᠳᠡᠷ﹀ ᠭᠡᠵᠦ ᠭᠡᠯᠡᠭᠰᠡᠨ ᠪᠤᠢ︖ ᠭᠡᠪᠡᠯ᠂            ⑴ ᠴᠢᠩᠭᠢᠰ ᠤᠨ ᠲᠡᠭᠡᠳᠦᠰ ᠢ ︿ᠰᠦᠯᠳᠡᠷ﹀  ᠭᠡᠰᠡᠨ ᠤ ᠬᠤᠩᠭᠢᠷᠠᠳ ᠤᠨ ᠲᠠᠢ ᠰᠡᠴᠡᠨ ᠤ ᠵᠠᠭᠦᠳᠠᠨ  ᠳᠠᠬᠢ ᠨᠠᠷᠠ ᠰᠠᠷᠠ ᠬᠤᠶᠠᠷ ᠢ ᠠᠳᠬᠤᠭᠠᠳ ᠨᠢᠰᠴᠦ ᠢᠷᠡᠭᠰᠡᠨ ᠴᠠᠭᠠᠨ ᠱᠤᠩᠬᠤᠷ ᠢ ᠭᠢᠶᠠᠳ ᠢᠷᠭᠡᠨ ᠤ ᠨᠢᠭᠡᠨᠳᠠ ᠨᠠᠰᠤ ᠪᠠᠷᠠᠭᠰᠠᠨ ᠶᠠᠮᠠᠷ ᠨᠢᠭᠡ ᠨᠡᠷ᠎ᠠ ᠲᠦᠷᠦ ᠲᠠᠢ ᠭᠦᠮᠦᠨ ᠤ ᠬᠤᠪᠢᠯᠪᠦᠷᠢ ᠲᠦᠷᠢ ﹇ᠡᠷᠢᠯᠵᠢᠭᠰᠡᠨ ᠲᠦᠷᠦᠯ﹈ ᠪᠠᠷ ᠲᠠᠭᠠᠮᠠᠭᠯᠠᠨ ᠪᠤᠳᠤᠵᠦ ︽ᠲᠠᠨ ᠤ ᠭᠢᠶᠠᠳ ᠢᠷᠭᠡᠨ ᠤ ᠰᠦᠯᠳᠡᠷ ᠁︾ ᠭᠡᠵᠦ ᠭᠡᠯᠡᠭᠰᠡᠨ ᠪᠠᠶᠢᠨ᠎ᠡ᠃            ⑵ ᠴᠢᠩᠭᠢᠰ ᠬᠠᠭᠠᠨ ᠤ ᠲᠤᠰ ᠪᠡᠶ᠎ᠡ ᠶᠢ ᠨᠢ ︿ᠰᠦᠯᠳᠡᠷ﹀ ᠭᠡᠵᠦ ᠭᠡᠯᠡᠵᠦ ᠪᠠᠶᠢᠭ᠎ᠠ ᠶᠢᠨ ᠤᠴᠢᠷ ᠭᠡᠪᠡᠯ᠂ ᠴᠢᠩᠭᠢᠰ ᠬᠠᠭᠠᠨ ᠢ ᠡᠷᠳᠡᠨ ᠤ ᠭᠦᠮᠦᠰ ᠴᠥᠮ ᠲᠡᠭᠡᠳᠤ ᠲᠡᠭᠷᠢ ᠠᠴᠠ ᠵᠠᠶᠠᠭᠠᠳᠤ ᠲᠥᠷᠦᠭᠰᠠᠨ ᠥᠭᠡᠷ᠎ᠠ ᠪᠠᠷ ᠭᠡᠯᠡᠪᠡᠯ ᠂ ᠠᠯᠢᠪᠠ ᠶᠢ ᠵᠠᠭᠢᠷᠤᠭᠴᠢ ᠲᠡᠭᠷᠢ ᠶᠢᠨ ᠭᠦᠪᠡᠭᠦᠨ ᠭᠡᠵᠦ ᠦᠵᠡᠳᠡᠭ ᠪᠢᠯᠠ᠃ ᠤᠴᠢᠷ ᠶᠠᠪᠤᠳᠠᠯ ᠡᠶᠢᠮᠦ ᠠᠴᠠ ᠴᠢᠩᠭᠢᠰ ᠤᠨ ᠰᠦᠨᠡᠰᠤ ᠰᠦᠯᠳᠠ ᠨᠢ ᠲᠡᠭᠷᠢ ᠳᠤ ᠪᠠᠶᠢᠵᠦ ᠭᠠᠵᠠᠷ ᠲᠡᠭᠡᠷ᠎ᠠ ᠪᠠᠶᠢᠬᠤ ᠲᠡᠷᠡᠭᠦ ᠴᠢᠩᠭᠢᠰ ᠢ  ᠵᠥᠪᠬᠡᠨ ᠲᠡᠭᠷᠢ ᠶᠢᠨ ᠭᠦᠪᠡᠭᠦᠨ ᠤ ᠰᠦᠯᠳᠡᠷ ᠭᠡᠵᠦ ᠦᠵᠡᠭᠡᠳ ᠴᠢᠩᠭᠢᠰ ᠤᠨ ᠦᠭᠡ ᠶᠠᠷᠢᠶ᠎ᠡ᠂ ᠦᠢᠯᠠ ᠠᠵᠢᠯᠯᠠᠭ᠎ᠠ ᠨᠢᠭᠡᠪᠦᠷᠢ  ᠨᠢ ᠴᠥᠮ ᠲᠡᠭᠷᠢ ᠶᠢᠨ ᠰᠠᠨᠠᠭ᠎ᠠ ᠪᠤᠶᠤ ᠲᠡᠭᠷᠢ ᠠᠴᠠ ᠲᠠᠭᠦᠨ ᠢ ᠵᠢᠭᠠᠵᠦ ᠵᠠᠭᠢᠷᠳᠠᠭ ᠭᠡᠵᠦ ᠪᠤᠳᠤᠴᠠᠭᠠᠳᠠᠭ ᠪᠠᠶᠢᠵᠦ ᠮᠠᠭᠠᠳ᠃ ᠨᠥᠭᠦᠭᠡ ᠲᠠᠯ᠎ᠠ ᠪᠠᠷ ᠠᠪᠴᠦ ᠭᠡᠯᠡᠪᠡᠯ᠂ ᠴᠢᠩᠭᠢᠰ ᠲᠠᠢ ᠨᠢᠭᠡ ᠦᠶ᠎ᠡ ᠠᠮᠢᠳᠣᠷᠠᠵᠣ ᠪᠠᠶᠢᠭᠰᠠᠨ ᠭᠦᠮᠦᠰ ᠴᠢᠩᠭᠢᠰ ᠬᠠᠭᠠᠨ ᠢ ᠰᠢᠭᠤᠳ‌‍ᠲ᠋ᠡᠭᠷᠢ ᠶᠢᠨ ᠭᠦᠪᠡᠭᠦᠨ ᠭᠡᠵᠦ ᠦᠵᠡᠭᠦ ᠦᠭᠡᠢ ᠬᠠᠷᠢᠨ ᠲᠡᠭᠷᠢ ᠶᠢᠨ ᠭᠦᠪᠡᠭᠦᠨ ᠤ ᠬᠤᠪᠢᠯᠪᠦᠷᠢ ᠲᠦᠷᠢ ᠨᠢ ᠶᠢᠰᠦᠭᠡᠢ ᠪᠠᠭᠠᠳᠤᠷ ᠭᠡᠳᠡᠭ ᠡᠨᠡᠭᠦ ᠡᠭᠡᠯ ᠶᠡᠷᠥ ᠭᠦᠮᠦᠨ ᠤ ᠭᠦᠪᠡᠭᠦᠨ ᠤ ᠰᠦᠨᠡᠰᠦ ᠲᠠᠢ ᠨᠡᠶᠢᠯᠡᠨ ᠲᠥᠷᠦᠵᠦ ᠴᠢᠩᠭᠢᠰ ᠭᠡᠭᠦ ᠬᠠᠭᠠᠨ ᠪᠤᠯᠤᠭᠠᠳ ᠢᠰᠢᠭᠡᠢ ᠲᠤᠭᠤᠷᠭᠠᠳᠠᠨ ᠢ  ᠨᠢᠭᠡᠳᠬᠡᠨ ᠤᠯᠠᠨ ᠤᠯᠤᠰ ᠢ ᠬᠤᠷᠢᠶᠠᠵᠦ ᠭᠠᠭᠴᠠ ᠵᠢᠯᠦᠭᠤ ᠲᠤᠷ ᠢᠶᠠᠨ ᠤᠷᠤᠭᠤᠯᠤᠨ ᠵᠠᠭᠢᠷᠬᠤ ᠪᠤᠯᠤᠭᠰᠠᠨ ᠭᠡᠵᠦ ᠦᠵᠡᠳᠡᠭ ᠴᠤ ᠮᠠᠭᠠᠳ ᠦᠭᠡᠢ ᠃ ᠡᠨᠠ ᠨᠢ ᠴᠢᠩᠭᠢᠰ ᠬᠠᠭᠠᠨ ᠢ ᠲᠠᠤᠭᠡ ᠶᠢᠨ ᠵᠠᠷᠢᠮ ᠪᠢᠴᠢᠭ ᠲᠤ ᠥᠩᠭᠡ ᠵᠢᠰᠤ᠂ ᠪᠢᠶ᠎ᠡ ᠪᠢᠯᠳᠡᠷ᠂ ᠤᠶᠤᠨ ᠣᠬᠠᠭᠠᠨ ᠵᠡᠷᠭᠡ ᠲᠠᠯ᠎ᠠ ᠪᠠᠷ ᠤᠯᠠᠨ ᠠᠴᠠ ᠣᠨᠴᠠᠭᠠᠢ ᠰᠦᠷ ᠵᠢᠪᠬᠤᠭᠠᠲᠠᠢ᠂ ᠴᠤᠭ ᠰᠦᠯᠳᠠ ᠲᠠᠢ ᠲᠥᠷᠦᠭᠰᠡᠨ ᠭᠡᠭᠦ ᠭᠡᠯᠡᠯᠭᠡ ᠲᠠᠢ ᠬᠤᠯᠪᠤᠭ᠎ᠠ ᠲᠠᠢ ᠠᠴᠠ ᠴᠢᠩᠭᠢᠵᠦ ᠭᠡᠯᠡᠭᠰᠡᠨ ᠪᠠᠶᠢᠵᠦ ᠮᠡᠳᠡᠨ᠎ᠡ᠃                    ᠵᠠᠭᠦᠯᠳᠠ          ① ᠪᠠᠶᠠᠷ ᠤᠨ ︽ᠮᠤᠩᠭᠤᠯ ᠤᠨ ᠨᠢᠭᠤᠴᠠ ᠲᠤᠪᠴᠢᠶᠠᠨ︾ ᠨᠢᠭᠡᠳᠦᠭᠡᠷ ᠲᠡᠪᠲᠡᠷ᠂ ︿ᠡᠮᠦᠨᠡᠭᠢ ᠦᠭᠡ﹀  ᠶᠢᠨ 13 — ᠨᠢᠭᠤᠷ᠃          ② ᠡᠯᠳᠡᠭᠲᠠᠢ᠂ ᠤᠶᠤᠨᠲᠠᠯᠠᠢ᠂ ᠠᠰᠠᠷᠠᠯᠳᠤ ᠨᠡᠷ ᠤᠨ ︽ᠨᠢᠭᠤᠴᠠ ᠲᠤᠪᠴᠢᠶᠠᠨ ᠤ ᠦᠭᠡᠰ ᠰᠤᠩᠭᠤᠮᠠᠯ ᠲᠠᠶᠢᠯᠪᠦᠷᠢ︾᠃          ③ ᠪ᠊᠂ ᠸᠠᠩᠴᠢᠯ ᠤᠨ ︽ᠭᠥᠭᠡ ᠲᠦᠯᠭᠡᠭᠦᠷ︾ ᠠᠴᠠ  ᠃          ④ ᠲᠤᠷᠤᠨᠠᠲᠢᠪ ᠤᠨ ᠰᠤᠩᠭᠤᠨ ᠲᠠᠶᠢᠯᠪᠦᠷᠢᠯᠡᠭᠰᠡᠨ ︽ᠨᠢᠭᠤᠴᠠ ᠲᠤᠪᠴᠢᠶᠠᠨ︾ 20 — ᠨᠢᠭᠤᠷ ᠲᠠᠶᠢᠯᠪᠦᠷᠢ 8 ᠠᠴᠠ᠃          ⑤ ᠪᠠᠶᠠᠷ ᠤᠨ ︽ᠮᠤᠩᠭᠤᠯ ᠤᠨ ᠨᠢᠭᠤᠴᠠ ᠲᠤᠪᠴᠢᠶᠠᠨ︾ 101 — ᠨᠢᠭᠤᠷ᠃          ⑥ ᠪᠠᠶᠠᠷ ᠤᠨ ︽ᠮᠤᠩᠭᠤᠯ ᠤᠨ ᠨᠢᠭᠤᠴᠠ ᠲᠤᠪᠴᠢᠶᠠᠨ︾ 925 — ᠨᠢᠭᠤᠷ᠃          ⑦ ᠪᠠᠶᠠᠷ ᠤᠨ ︽ᠮᠤᠩᠭᠤᠯ ᠤᠨ ᠨᠢᠭᠤᠴᠠ ᠲᠤᠪᠴᠢᠶᠠᠨ︾ 1224 — ᠨᠢᠭᠤᠷ᠃ ᠭᠢᠳᠠᠳ ᠭᠠᠯᠢᠭᠯᠠᠯ᠂ ᠬᠠᠵᠠᠭᠤ ᠶᠢᠨ ᠤᠷᠴᠢᠭᠤᠯᠭ᠎ᠠ ᠴᠤ ᠪᠤᠢ᠃              ● ᠲᠤᠰ ᠦᠭᠦᠯᠡᠯ ᠢ 1990 ᠤᠨ ᠤ 7 ᠰᠠᠷ᠎ᠠ ᠳᠤ ᠪᠢᠴᠢᠵᠦ᠂ ︽ᠭᠡᠯᠠ ᠪᠠ ᠤᠷᠴᠢᠭᠤᠯᠭ᠎ᠠ︾ ᠰᠡᠳᠭᠦᠯ ᠲᠡᠭᠡᠷ᠎ᠠ ᠨᠡᠶᠢᠳᠡᠯᠡᠭᠦᠯᠥᠭᠰᠡᠨ ᠪᠢᠯᠠ᠃ ᠤᠳᠤ ᠤᠭ ᠡᠭᠡ ᠨᠤᠣᠷᠠᠭ ᠢ ᠨᠢ ᠠᠳᠠ ᠪᠠᠭᠤᠯᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号