ᠨᠢᠱᠠᠨ  ᠲᠠᠮᠠᠭ᠎ᠠ
ᠨᠡᠶᠢᠲᠡᠯᠡᠭᠰᠡᠨ ᠴᠠᠭ᠄
2018-08-08
                  ᠨᠢᠱᠠᠨ  ᠲᠠᠮᠠᠭ᠎ᠠ      ᠨᠢᠱᠠᠨ ᠲᠠᠮᠠᠭ᠎ᠠ ᠲᠠᠷᠤᠬᠤ ᠶᠠᠪᠤᠳᠠᠯ ᠰᠦᠡᠭ ᠤᠯᠤᠰ ᠤᠨ ᠦᠶ᠎ᠡ ᠠᠴᠠ ᠡᠭᠢᠯᠡᠵᠤ᠂ ᠶᠤᠸᠠᠨ ᠤᠯᠤᠰ ᠤᠨ ᠦᠶ᠎ᠡ ᠳᠤ ᠳᠡᠯᠭᠡᠷᠡᠵᠦᠬᠦᠢ᠃ ᠲᠡᠭᠦᠨ ᠢ ᠪᠠᠰᠠ ︽ᠶᠤᠸᠠᠨ ᠤᠯᠤᠰ ᠤᠨ ᠨᠢᠱᠠᠨ ᠲᠠᠮᠠᠭ᠎ᠠ︾  ᠭᠡᠬᠦ ᠪᠤᠶᠤ ︽ᠶᠤᠸᠠᠨ ᠤᠯᠤᠰ ᠤᠨ ᠲᠠᠮᠠᠭ᠎ᠠ ᠲᠠᠷᠤᠭᠤᠯ︾ ᠴᠤ ᠭᠡᠳᠡᠭ ᠪᠢᠯᠨ᠃ ᠡᠭᠦᠨ ᠤ ᠵᠤᠷᠢᠯᠳᠠ ᠬᠡᠮᠡᠪᠠᠰᠤ ᠪᠠᠲᠤ ᠢᠳᠡᠭᠡᠮᠵᠢ ᠶᠢ ᠢᠯᠡᠳᠬᠡᠵᠦ᠂ ᠥᠭᠡᠷ᠎ᠡ ᠪᠤᠰᠤᠳ ᠤᠨ ᠬᠢᠯᠪᠡᠷᠬᠠᠨ ᠲᠠᠨᠢᠵᠤ ᠲᠠᠭᠤᠷᠢᠶᠠᠬᠤ ᠶᠢ ᠰᠡᠷᠭᠡᠶᠢᠯᠡᠭᠰᠡᠨ ᠶᠠᠪᠤᠳᠠᠯ ᠪᠤᠯᠤᠨ᠎ᠠ᠃ ᠨᠢᠱᠠᠨ ᠲᠠᠮᠠᠭ᠎ᠠ ᠲᠠᠷᠤᠬᠤ ᠶᠠᠪᠤᠳᠠᠯ ᠨᠢ ᠤᠳᠤ ᠶᠢᠨ ᠭᠦᠮᠦᠰ ᠤᠨ ᠭᠠᠷ ᠤᠨ ᠦᠰᠦᠭ ᠵᠢᠷᠤᠬᠤ ᠲᠠᠢ ᠨᠢᠭᠡᠨ ᠠᠳᠠᠯᠢ ᠦᠢᠯᠡᠳᠦᠯ ᠲᠠᠢ ᠶᠤᠮ᠃      ᠶᠤᠸᠠᠨ ᠤᠯᠤᠰ ᠤᠨ ᠦᠶ᠎ᠡ ᠶᠢᠨ ᠨᠢᠱᠠᠨ ᠲᠠᠮᠠᠭ᠎ᠠ ᠨᠢ ᠬᠠᠳᠠᠨ ᠵᠢᠷᠤᠭ᠂ ᠡᠷᠳᠡᠨ ᠤ ᠸᠠᠭᠠᠷ ᠰᠠᠪᠠ᠂ ᠡᠷᠳᠡᠨ  ᠤ ᠱᠠᠭᠠᠵᠠᠩ ᠰᠠᠪᠠ ᠠᠴᠠ ᠡᠬᠢ ᠠᠪᠤᠭᠰᠠᠨ ᠪᠦᠭᠡᠳ ᠡᠷᠳᠡᠨ ᠤ ᠨᠢᠱᠠᠨ ᠲᠠᠮᠠᠭ᠎ᠠ ᠶᠢᠨ ᠲᠦᠷᠰᠦ ᠶᠢ  ᠬᠤᠪᠢᠷᠠᠭᠠᠨ ᠪᠠᠶᠠᠵᠢᠭᠤᠯᠵᠤ᠂ ᠤᠷᠳᠤᠨ ᠤ ᠳᠣᠲᠣᠭᠠᠳᠤ ᠪᠠ ᠪᠢᠴᠢᠭᠲᠡᠨ ᠵᠢᠷᠤᠭᠠᠴᠢᠨ᠂ ᠠᠷᠠᠳ ᠢᠷᠭᠡᠳ ᠤᠨ ᠳᠤᠮᠳᠠ ᠠᠶᠠᠲᠠᠶᠢᠬᠠᠨ ᠳᠡᠯᠭᠡᠷᠡᠭᠰᠡᠨ᠂  ᠲᠡᠭᠦᠨ ᠢ ᠵᠣᠩᠭᠢ ︽ᠶᠤᠸᠠᠨ ᠤᠯᠤᠰ ᠤᠨ ᠨᠢᠱᠠᠨ ᠲᠠᠮᠠᠭ᠎ᠠ︾ ᠭᠡᠵᠤ ᠨᠡᠷᠡᠯᠡᠳᠡᠭ ᠶᠤᠮ᠃ ᠡᠨᠡ ᠨᠢ ᠦᠵᠦᠭ ᠪᠢᠷ ᠢᠶᠠᠷ ᠭᠠᠷ ᠤᠨ ᠦᠰᠦᠭ ᠵᠢᠷᠤᠳᠠᠭ ᠪᠤᠰᠤ᠂ ᠬᠠᠷᠢᠨ ᠨᠢᠱᠠᠨ ᠲᠠᠮᠠᠭ᠎ᠠ ᠲᠠᠷᠤᠵᠤ ᠭᠠᠷ ᠤᠨ ᠦᠰᠦᠭ ᠵᠢᠷᠤᠬᠤ ᠶᠢ ᠤᠷᠤᠯᠠᠭᠤᠯᠳᠠᠭ ᠨᠢᠭᠡᠨ ᠵᠦᠢᠯ ᠤᠨ ᠬᠡᠯᠪᠡᠷᠢ ᠪᠤᠯᠤᠨ᠎ᠠ᠃ ᠶᠤᠸᠠᠨ ᠤᠯᠤᠰ ᠤᠨ ᠦᠶ᠎ᠡ ᠪᠠᠷ ᠬᠢ ᠮᠤᠩᠭᠤᠯᠴᠤᠳ ᠵᠦᠡᠭᠶᠤᠸᠠᠨ ᠤᠷᠤᠨ ᠳᠤ ᠭᠦᠷᠴᠦ ᠨᠤᠲᠤᠭᠰᠢᠭᠰᠠᠨ ᠤ ᠰᠡᠭᠦᠯᠡᠷ᠂ ᠤᠯᠤᠰ ᠤᠨ ᠲᠤᠳᠤᠭᠠᠳᠦ ᠳᠤ ᠦᠨᠳᠦᠰᠦᠳᠡᠨ ᠤ ᠵᠡᠷᠭᠡ ᠲᠡᠰ ᠢ ᠲᠦᠷᠪᠡᠨ ᠵᠦᠢᠯ ᠬᠤᠪᠢᠶᠠᠭᠰᠠᠨ ᠤ ᠳᠣᠲᠣᠷ᠎ᠠ᠂ ᠪᠠᠶᠢᠷᠢ ᠰᠠᠭᠤᠷᠢ  ᠪᠠᠷ ᠬᠠᠮᠤᠭ ᠤᠨ ᠦᠨᠳᠦᠷ ᠪᠠᠶᠢᠳᠠᠭ ᠲᠡᠷᠢᠭᠦᠨ ᠲᠡᠳ᠋ ᠵᠡᠷᠭᠡ ᠶᠢᠨ ᠭᠦᠮᠦᠰ ᠪᠤᠯ ᠲᠠᠷᠤᠢ ᠮᠣᠩᠭᠤᠯᠴᠤᠳ ᠪᠠ ᠰᠠᠷᠳᠠᠭᠤᠯᠴᠤᠳ ᠪᠤᠯᠤᠨ᠎ᠠ᠃ ᠲᠡᠳᠡᠨᠦᠰ ᠤᠯᠠᠩᠭᠢ ᠨᠢ ᠭᠢᠳᠠᠳ ᠦᠰᠦᠭ ᠲᠠᠨᠢᠬᠤ ᠦᠭᠡᠢ᠂ ᠡᠳᠦᠷ ᠳᠤᠲᠤᠮ ᠤᠨ  ᠬᠠᠷᠢᠯᠴᠠᠭᠠᠨ ᠤ ᠲᠤᠮᠳᠠ  ︽ᠪᠢᠷ ᠪᠠᠷᠢᠨ ᠭᠠᠷ ᠤᠨ ᠦᠰᠦᠭ ᠵᠢᠷᠤᠵᠤ ᠴᠢᠳᠠᠬᠤ ᠦᠭᠡᠢ︾ ᠪᠣᠯᠬᠤᠷ᠂ ᠲᠦᠭᠦᠮ ᠲᠦᠳᠡ ᠶᠢ  ᠡᠷᠡᠯᠬᠢᠯᠡᠨ ᠭᠠᠷ ᠤᠨ ᠦᠰᠦᠭ ᠵᠢᠷᠤᠬᠤ ᠦᠢᠯᠡᠳᠦᠯ ᠪᠦᠬᠦᠢ ᠨᠢᠱᠠᠨ ᠲᠠᠮᠠᠭ᠎ᠠ ᠬᠡᠷᠡᠭᠯᠡᠬᠦ ᠶᠠᠪᠤᠳᠠᠯ ᠦᠷᠨᠢᠵᠦ᠂ ᠠᠯᠪᠠᠨ ᠶᠠᠮᠤᠨ ᠠᠴᠠ ᠠᠷᠠᠳ ᠤᠯᠠᠨ ᠳᠤ ᠭᠦᠷᠳᠡᠯ᠎ᠡ ᠦᠳᠳᠡᠷ ᠲᠦᠷᠭᠡᠨ ᠢᠶᠠᠷ ᠲᠡᠯᠭᠡᠷᠡᠭᠰᠡᠨ ᠠᠵᠤᠭᠤ᠃      ᠶᠤᠸᠠᠨ ᠤᠯᠤᠰ ᠤᠨ ᠦᠶ᠎ᠡ ᠶᠢᠨ ᠪᠢᠴᠢᠭᠳᠡᠨ ᠤ ᠲᠠᠮᠠᠭ᠎ᠠ ᠰᠠᠶᠢᠯᠤᠮᠠᠯ ᠤᠳ ᠤᠨ ᠭᠤᠶᠤ ᠭᠡᠭᠴᠢ ᠣᠪᠣᠭ᠎ᠠ ᠳᠣᠪᠣᠭ᠎ᠠ ᠪᠤᠢ᠃ ᠵᠥᠪᠬᠡᠨ ᠴᠦᠡᠭᠴᠢᠩ ᠤᠨ ᠬᠡᠪᠯᠡᠯ ᠤᠨ ᠬᠤᠷᠢᠶ᠎ᠠ ᠠᠴᠠ 1999 ᠤᠨ ᠳᠤ ᠭᠡᠪᠯᠡᠭᠰᠡᠨ ︽ᠶᠤᠸᠠᠨ ᠤᠯᠤᠰ ᠤᠨ ᠦᠶ᠎ᠡ ᠶᠢᠨ ᠲᠠᠮᠠᠭ᠎ᠠ ᠶᠢᠨ ᠬᠡᠪ ᠨᠠᠮᠪᠠ︾ ᠭᠡᠮᠡᠭᠦ ᠨᠤᠮ ᠳᠤ 270 ᠭᠠᠷᠤᠢ ᠵᠦᠢᠯ ᠤᠨ ᠲᠠᠮᠠᠭ᠎ᠠ  ᠶᠢ ᠵᠢᠱᠢᠶᠡᠯᠡᠨ ᠦᠵᠡᠭᠦᠯᠦᠭᠰᠡᠨ ᠪᠠᠶᠢᠭ᠎ᠠ ᠶᠤᠮ᠃ ᠡᠳᠡᠭᠡᠷ ᠲᠠᠮᠠᠭ᠎ᠠ ᠨᠤᠭᠤᠳ   ᠨᠢ ᠪᠠᠳᠠᠷᠠᠭᠤᠨ ᠢᠳᠡᠯᠢᠭ ᠪᠥᠭᠡᠳ ᠳᠠᠷᠬᠠᠨ ᠴᠢᠨᠠᠷᠯᠢᠭ ᠪᠠᠶᠢᠵᠤ᠂ ᠨᠢᠭᠡᠳ ᠨᠢᠭᠡ ᠪᠠᠷ ᠡᠭᠡᠭᠡ ᠯᠡ ᠥᠷ ᠤᠨ ᠴᠣᠯᠮᠤᠨ ᠰᠢᠭ᠋ ᠭᠡᠷᠡᠯᠲᠦᠨ ᠦᠵᠡᠬᠦ ᠨᠢᠳᠦ  ᠶᠢ ᠬᠢᠯᠠᠰᠬᠠᠵᠤ ᠪᠤᠢ᠃      ᠶᠤᠸᠠᠨ ᠤᠯᠤᠰ ᠤᠨ ᠦᠶ᠎ᠡ ᠪᠠᠷ ᠠᠷᠠᠳ ᠤᠨ ᠳᠤᠮᠳᠠ ᠶᠡᠭᠡᠪᠡᠷ ᠳᠡᠯᠭᠡᠷᠡᠨ ᠡᠷᠭᠢᠮᠯᠡᠭᠳᠡᠭᠰᠡᠨ ᠨᠢᠱᠠᠨ ᠲᠠᠮᠠᠭ᠎ᠠ  ᠶᠢᠨ ᠲᠡᠭᠡᠷᠡᠭᠢ ᠬᠢᠴᠢᠶᠡᠩᠭᠦᠢ ᠪᠢᠴᠢᠯᠭᠡ ᠨᠢ ᠵᠣᠩᠭᠢ ᠠᠮᠠᠭᠠᠢ ᠵᠢᠯᠤᠭᠤ ᠦᠭᠡᠢ ᠠᠷᠠᠳ ᠤᠨ ᠳᠤᠮᠳᠠ ᠬᠡᠷᠡᠭᠯᠡᠭᠳᠡᠬᠦ ᠪᠢᠴᠢᠯᠭᠡ ᠲᠢᠭ ᠢ ᠭᠡᠷᠡᠭᠯᠡᠵᠤ᠂ ᠬᠠᠵᠠᠭᠠᠢ ᠮᠣᠰᠢᠭᠠᠢ ᠬᠠᠷᠠᠭᠰᠠᠨ᠂ ᠭᠡᠳᠡᠭᠡᠷ  ᠪᠥᠭᠳᠥᠷ ᠬᠠᠨᠳᠤᠭᠰᠠᠨ᠂ ᠡᠷᠡᠭᠡ  ᠵᠢᠷᠤᠭ᠎ᠠ ᠦᠭᠡᠢ ᠡᠷᠬᠡ ᠳᠠᠩᠬᠢᠯ᠂ ᠭᠠᠷ ᠤᠨ ᠠᠶ᠎ᠠ ᠰᠠᠨᠠᠭᠠᠨ ᠤ ᠲᠠᠪᠠ ᠪᠠᠷ ᠪᠢᠴᠢᠭᠰᠡᠨ ᠢᠨᠤ ᠪᠤᠢ᠃ ᠶᠤᠸᠠᠨ ᠤᠯᠤᠰ ᠤᠨ ᠨᠢᠱᠠᠨ ᠲᠠᠮᠠᠭᠠᠨ ᠲᠡᠭᠡᠷᠡᠭᠢ ᠦᠰᠦᠭ ᠨᠢ ᠲᠣᠭᠲᠠᠭᠰᠠᠨ ᠶᠤᠰᠤ ᠭᠤᠷᠢᠮ ᠳᠤ ᠭᠢᠵᠠᠭᠠᠷᠯᠠᠭᠳᠠᠬᠤ ᠦᠭᠡᠢ᠂ ᠲᠥᠷᠥᠯ ᠵᠦᠢᠯ ᠲᠦᠢᠯ ᠤᠨ ᠣᠯᠠᠨ᠂ ᠵᠦᠢᠯ ᠪᠦᠷᠢ ᠶᠢᠨ  ᠳᠦᠷᠰᠦ ᠲᠠᠢ᠂ ᠶᠠᠩᠵᠤ ᠶᠠᠩᠵᠤ ᠶᠢᠨ ᠬᠡᠯᠪᠡᠷᠢ ᠲᠠᠢ᠃ ᠭᠠᠭᠴᠠ ᠦᠰᠦᠭ ᠲᠠᠢ ᠤᠪᠤᠭ ᠴᠤ ᠪᠤᠢ᠂ ᠨᠢᠭᠡᠯᠡ ᠮᠤᠬᠤᠷ ᠨᠢᠱᠠᠨ ᠴᠤ ᠪᠤᠢ᠃ ᠨᠡᠩᠲᠡ ᠬᠡᠨ ᠭᠦᠮᠦᠨ ᠴᠤ ᠤᠭᠳᠤ ᠦᠯᠦ ᠲᠠᠨᠢᠬᠤ ᠵᠢᠷᠤᠯᠭ᠎ᠠ ᠪᠢᠴᠢᠯᠭᠡ ᠲᠠᠢ ᠲᠠᠮᠠᠭ᠎ᠠ ᠴᠤ ᠪᠤᠢ᠃ ᠡᠭᠦᠨ ᠠᠴᠠ ᠭᠠᠳᠠᠨ᠎ᠠ ᠪᠠᠰᠠ ᠤᠨᠴᠠᠭᠠᠢ ᠭᠢᠴᠠ ᠲᠠᠢ ᠵᠢᠷᠭᠤᠭᠠᠨ ᠲᠠᠯᠠᠳᠤ᠂ ᠨᠠᠢᠮᠠᠨ ᠲᠠᠯᠠᠳᠤ᠂ ᠶᠨ ᠦᠰᠦᠭ ᠤᠨ ᠬᠡᠯᠪᠡᠷᠢ ᠲᠠᠢ᠂ ᠮᠦᠡᠭᠭᠦᠨ ᠰᠦᠬᠡᠰ ᠤᠨ ᠲᠦᠷᠰᠦ ᠲᠠᠢ ᠲᠠᠮᠠᠭ᠎ᠠ ᠨᠤᠭᠤᠳ ᠴᠤ ᠪᠤᠢ᠃      ᠮᠤᠩᠭᠤᠯᠴᠤᠳ ᠪᠠ ᠰᠠᠷᠳᠠᠭᠤᠯᠴᠤᠳ ᠠᠨᠤ ᠭᠢᠳᠠᠳ ᠬᠦᠮᠦᠨ ᠤ ᠬᠡᠷᠡᠭᠯᠡᠳᠡᠭ ᠦᠰᠦᠭ ᠢ ᠰᠠᠶᠢᠨ ᠮᠡᠳᠡᠭᠦ ᠦᠭᠡᠢ ᠤᠴᠢᠷ ᠠᠴᠠ᠂ ᠤᠯᠠᠩᠭᠢ ᠨᠢᠱᠠᠨ ᠲᠠᠮᠠᠭᠠᠨ ᠲᠡᠭᠡᠷ᠎ᠡ ᠭᠢᠳᠠᠳ ᠦᠰᠦᠭ ᠪᠠ ᠮᠤᠩᠭᠤᠯ ᠦᠰᠦᠭ᠂ ᠳᠠᠷᠤᠢ ᠫᠠᠭᠪᠠ ᠦᠰᠦᠭ ᠢ ᠬᠤᠯᠢᠯᠴᠠᠭᠤᠯᠤᠨ ᠭᠡᠷᠡᠭᠯᠡᠭᠰᠡᠨ ᠵᠦᠢᠯ ᠲᠤᠩ ᠤᠯᠠᠨ ᠪᠤᠢ᠃ ᠶᠡᠷᠦᠨᠢ ᠲᠠᠮᠠᠭᠠᠨ ᠤ  ᠳᠡᠭᠡᠷ᠎ᠡ ᠲᠠᠯ᠎ᠠ ᠳᠤᠨᠢ ᠬᠢᠲᠠᠳ ᠦᠰᠦᠭ ᠢᠶᠠᠷ ᠣᠪᠣᠭ ᠢ ᠪᠢᠴᠢᠵᠦ᠂  ᠳᠣᠤᠷ᠎ᠠ ᠲᠠᠯ᠎ᠠ ᠳᠤᠨᠢ ᠫᠠᠭᠪᠠ ᠦᠰᠦᠭ ᠰᠡᠶᠢᠯᠦᠭᠡᠰᠦᠲᠡᠢ᠃ ᠪᠠᠰᠠ ᠶᠤᠸᠠᠨ ᠤᠯᠤᠰ ᠤᠨ ᠦᠶ᠎ᠡ ᠶᠢᠨ ᠵᠠᠷᠢᠮ ᠨᠢᠱᠠᠨ ᠲᠠᠮᠠᠭ᠎ᠠ ᠨᠢ ᠰᠢᠭᠤᠳ ᠫᠠᠭᠪᠠ ᠪᠯᠠᠮ᠎ᠠ  ᠶᠢᠨ ᠵᠣᠬᠢᠶᠠᠭᠰᠠᠨ ᠳᠥᠷᠪᠡᠯᠵᠢᠨ ᠦᠰᠦᠭ ᠢ ᠯᠡ ᠰᠠᠶᠢᠯᠦᠭᠰᠡᠨ ᠪᠠᠶᠢᠯ᠎ᠠ᠃ ᠶᠡᠷᠦᠳᠡ ᠶᠢᠨ ᠦᠵᠡᠭᠳᠡᠳᠡᠭ ᠤᠷᠳᠤ ᠲᠦᠷᠪᠡᠯᠵᠢᠨ ᠪᠠ ᠲᠡᠭᠰᠢ ᠲᠦᠷᠪᠡᠯᠵᠢᠨ ᠭᠡᠯᠪᠡᠷᠢᠳᠤ ᠲᠠᠮᠠᠭ᠎ᠠ ᠠᠴᠠ ᠭᠠᠳᠠᠨ᠎ᠠ᠂ ᠪᠠᠷᠤᠭ ᠯᠠ ᠭᠢᠳᠠᠳ ᠭᠦᠮᠦᠨ ᠤᠭᠳᠤ ᠦᠵᠡᠭᠡᠳᠦᠢ ᠰᠣᠨᠢᠨ ᠵᠢᠭᠲᠡᠢ ᠪᠠᠷ ᠦᠢᠯᠡᠳᠦᠭᠰᠡᠨ ᠨᠢᠱᠠᠨ ᠲᠠᠮᠠᠭ᠎ᠠ᠂ ᠮᠡᠨᠡᠬᠡᠢ ᠶᠢᠨ ᠲᠦᠷᠰᠦᠳᠦ ᠨᠢᠱᠠᠨ ᠲᠠᠮᠠᠭ᠎ᠠ᠂ ᠫᠢᠫᠠ ᠲᠦᠷᠰᠦᠳᠦ ᠨᠢᠱᠠᠨ ᠲᠠᠮᠠᠭ᠎ᠠ᠂ ᠬᠤᠯᠤ ᠶᠢᠨ ᠲᠦᠷᠰᠦᠳᠦ ᠨᠢᠱᠠᠨ ᠲᠠᠮᠠᠭ᠎ᠠ᠂ ᠲᠠᠪᠤᠷ᠎ᠡ ᠶᠢᠨ ᠲᠦᠷᠰᠦᠳᠦ ᠨᠢᠱᠠᠨ ᠲᠠᠮᠠᠭ᠎ᠠ ᠴᠤ ᠪᠤᠢ᠃      ᠶᠤᠸᠠᠨ ᠤᠯᠤᠰ ᠤᠨ ᠦᠶ᠎ᠡ ᠶᠢᠨ ᠨᠢᠱᠠᠨ ᠲᠠᠮᠠᠭ᠎ᠠ ᠶᠢᠨ ᠵᠢᠷᠤᠭ ᠲᠦᠷᠰᠦ ᠴᠤ ᠲᠦᠢᠯ ᠤᠨ ᠪᠠᠶᠠᠯᠢᠭ ᠪᠥᠭᠡᠳ ᠭᠤᠶᠤ ᠪᠠᠶᠢᠳᠠᠭ ᠶᠤᠮ᠃ ᠠᠭᠤᠯᠭ᠎ᠠ ᠶᠢ ᠨᠢ ᠦᠨᠳᠦᠰᠦᠯᠡᠵᠦ ᠭᠦᠮᠦᠨ ᠤ ᠲᠦᠷᠰᠦᠳᠦ ᠨᠢᠱᠠᠨ ᠲᠠᠮᠠᠭ᠎ᠠ᠂ ᠠᠮᠢᠳᠠᠨ  ᠤ ᠲᠦᠷᠰᠦᠳᠦ ᠨᠢᠱᠠᠨ ᠲᠠᠮᠠᠭ᠎ᠠ᠂ ᠤᠷᠭᠤᠮᠠᠯ ᠤᠨ ᠲᠦᠷᠰᠦᠳᠦ ᠨᠢᠱᠠᠨ ᠲᠠᠮᠠᠭ᠎ᠠ᠂ ᠡᠳ᠋ᠯᠡᠯ ᠬᠡᠷᠡᠭᠰᠡᠯ ᠤᠨ ᠭᠡᠯᠪᠡᠷᠢᠳᠤ ᠨᠢᠱᠠᠨ ᠲᠠᠮᠠᠭ᠎ᠠ᠂ ᠵᠢᠷᠤᠭ ᠲᠦᠷᠰᠦᠳᠦ ᠨᠢᠱᠠᠨ ᠲᠠᠮᠠᠭ᠎ᠠ ᠭᠡᠬᠦ  ᠮᠡᠲᠦᠴᠢᠯᠡᠨ ᠣᠯᠠᠨ ᠵᠦᠢᠯ ᠢᠶᠠᠷ ᠬᠤᠪᠢᠶᠠᠵᠤ ᠪᠣᠯᠳᠠᠭ᠃ ᠡᠭᠦᠨ ᠠᠴᠠ ᠭᠠᠳᠠᠨ᠎ᠠ᠂ ᠾᠷᠢᠰᠲ᠋ᠤᠰ ᠤᠨ ᠱᠠᠰᠢᠨ  ︵ᠨᠢᠰᠲ᠋ᠤᠷᠢ ᠶᠢᠨ ᠱᠠᠰᠢᠨ︶  ᠂ ᠪᠤᠷᠬᠠᠨ ᠤ ᠱᠠᠰᠢᠨ᠂ ᠪᠤᠮᠪᠤ ᠶᠢᠨ ᠱᠠᠰᠢᠨ ᠭᠦᠭᠵᠢᠵᠤ ᠲᠡᠯᠭᠡᠷᠡᠭᠰᠡᠨ ᠠᠴᠠ ᠪᠠᠰᠠ ᠨᠢᠭᠡ ᠪᠦᠯᠦᠭ ᠱᠠᠰᠢᠨ ᠤ ᠨᠢᠱᠠᠨ ᠲᠠᠮᠠᠭ᠎ᠠ ᠢᠯᠡᠷᠡᠭᠰᠡᠨ ᠶᠤᠮ᠃      ᠪᠠᠷᠢᠭᠤᠯ ᠤᠨ ᠪᠠᠶᠢᠳᠠᠯ ᠠᠴᠠ ᠠᠪᠴᠤ ᠶᠠᠷᠢᠪᠠᠯ᠂ ᠶᠤᠸᠠᠨ ᠤᠯᠤᠰ ᠤᠨ ᠦᠶ᠎ᠡ ᠶᠢᠨ ᠨᠢᠱᠠᠨ ᠲᠠᠮᠠᠭ᠎ᠠ ᠶᠢᠨ ᠪᠠᠷᠢᠭᠤᠯ ᠤᠨ ᠭᠡᠯᠪᠡᠷᠢ ᠶᠢᠨ ᠪᠠᠶᠠᠯᠢᠭ ᠨᠢ ᠴᠤ ᠭᠦᠮᠦᠰ ᠤᠨ ᠨᠢᠳᠤ ᠴᠢᠭᠢ ᠶᠢ ᠪᠠᠶᠠᠰᠬᠠᠬᠤ ᠶᠤᠮ᠃ ᠡᠨ᠋ᠨ ᠨᠢ ᠡᠷᠳᠡᠨ ᠤ ᠲᠠᠮᠠᠭ᠎ᠠ ᠶᠢᠨ ᠪᠠᠷᠢᠭᠤᠯ ᠤᠨ ᠦᠶ᠎ᠡ ᠰᠦᠯᠵᠢᠯ ᠳᠤ ᠠᠪᠴᠤ ᠭᠡᠯᠡᠪᠡᠯ ᠴᠡᠴᠡᠭ ᠤᠨ ᠰᠠᠶᠢᠬᠠᠨ ᠬᠡᠮᠡᠷᠬᠡᠨ ᠰᠤᠨᠢᠨ ᠭᠠᠶᠢᠬᠠᠮᠰᠢᠭᠳᠤ ᠦᠵᠡᠮᠵᠢ ᠪᠤᠯᠤᠨ᠎ᠠ᠃      ᠶᠤᠸᠠᠨ ᠤᠯᠤᠰ ᠤᠨ ᠦᠶ᠎ᠡ ᠶᠢᠨ ᠮᠤᠩᠭᠤᠯᠴᠤᠳ ᠠᠭᠲᠠ ᠮᠤᠷᠢ ᠪᠠᠨ ᠤᠨᠤᠵᠤ ᠵᠦᠡᠭᠶᠤᠸᠠᠨ ᠤᠷᠤᠨ ᠳᠤ ᠤᠷᠤᠵᠤ ᠢᠷᠡᠵᠦᠭᠦᠢ᠃ ᠨᠡᠭᠦᠳᠡᠯᠯᠡᠨ ᠠᠮᠢᠳᠤᠷᠠᠳᠠᠭ ᠮᠤᠩᠭᠤᠯᠴᠤᠳ ᠤᠤᠯ ᠠᠴᠠ  ᠨᠠᠰᠣᠲᠠᠶᠢᠴᠣᠳ ᠭᠢᠳᠤᠭ᠎ᠠ ᠰᠤᠶᠢᠷᠠᠵᠤ᠂ ᠡᠯᠳᠡᠪ ᠤᠨ ᠡᠳ᠋ ᠢᠶᠠᠷ ᠪᠡᠶ᠎ᠡ ᠪᠠᠨ ᠴᠢᠮᠡᠳᠡᠭ ᠤᠳᠤᠮᠰᠢᠯ ᠲᠠᠢ ᠪᠠᠶᠢᠯᠤᠭ᠎ᠠ᠃ ᠡᠶᠢᠮᠤ ᠠᠴᠠ ᠲᠡᠳᠡ ᠡᠨ᠋ᠨ ᠭᠦ ᠵᠠᠩᠰᠢᠯ ᠢᠶᠠᠨ ᠴᠤ ᠵᠦᠡᠭᠶᠤᠸᠠᠨ ᠤᠷᠤᠨ ᠳᠤ ᠤᠭ ᠬᠡᠪ ᠢᠶᠠᠷ ᠨᠢ ᠨᠡᠭᠦᠯᠭᠡᠨ ᠠᠪᠴᠤ ᠢᠷᠡᠭᠰᠡᠨ ᠨᠢ ᠦᠨᠡᠨᠲᠡᠢ᠃ ᠲᠡᠭᠦᠨ ᠤ ᠲᠠᠮᠠᠭ᠎ᠠ ᠰᠠᠶᠢᠯᠤᠮᠠᠯ ᠲᠡᠭᠡᠷᠡᠬᠢ ᠳᠤᠰᠬᠠᠯ ᠨᠢ ᠭᠡᠪᠡᠯ᠂ ᠶᠠᠮᠠᠷᠪᠠ ᠳᠦᠷᠰᠦᠲᠦ ᠪᠠᠷᠢᠭᠤᠯ ᠪᠦᠬᠦᠢ ᠨᠢᠱᠠᠨ ᠲᠠᠮᠠᠭ᠎ᠠ ᠳᠤ ᠴᠦᠮ ᠨᠢᠭᠡ ᠰᠦᠪᠡᠭᠴᠢ ᠦᠯᠡᠳᠡᠭᠡᠵᠤ᠂ ᠤᠭᠤᠰᠤᠷ ᠤᠷᠤᠭᠤᠯᠤᠨ ᠪᠡᠶ᠎ᠡ ᠳᠡᠭᠡᠨ ᠵᠡᠭᠦᠵᠦ ᠶᠠᠪᠤᠬᠤ ᠳᠤ ᠲᠦᠭᠦᠮ ᠪᠣᠯᠭᠠᠳᠠᠭ ᠠᠵᠤᠭᠤ᠃        ᠶᠤᠸᠠᠨ ᠤᠯᠤᠰ ᠤᠨ ᠨᠢᠱᠠᠨ ᠲᠠᠮᠠᠭ᠎ᠠ ᠶᠢᠨ ᠪᠠᠷᠢᠭᠤᠯ ᠤᠨ ᠭᠡᠯᠪᠡᠷᠢ ᠶᠢ ᠪᠦᠳᠦᠭᠦᠪᠴᠢᠯᠡᠨ ᠬᠤᠪᠢᠶᠠᠷᠢᠯᠠᠪᠠᠯ᠂ ᠬᠠᠮᠠᠷ ᠤᠨ ᠳᠦᠷᠰᠦᠲᠦ ᠪᠠᠷᠢᠭᠤᠯ᠂ ᠭᠦᠭᠦᠷᠭᠡ ᠶᠢᠨ ᠳᠦᠷᠰᠦᠲᠦ ᠪᠠᠷᠢᠭᠤᠯ᠂ ᠪᠤᠳᠤᠩ ᠤᠨ ᠳᠦᠷᠰᠦᠲᠦ ᠪᠠᠷᠢᠭᠤᠯ᠂ ᠵᠤᠭᠤᠰ ᠤᠨ ᠳᠦᠷᠰᠦᠲᠦ ᠪᠠᠷᠢᠭᠤᠯ᠂ ᠠᠷᠢᠶᠠᠳᠠᠨ ᠤ ᠳᠦᠷᠰᠦᠲᠦ ᠪᠠᠷᠢᠭᠤᠯ ᠵᠡᠷᠭᠡ ᠪᠤᠢ᠃ ᠡᠭᠦᠨ ᠤ ᠳᠣᠲᠣᠷ᠎ᠠ ᠬᠠᠮᠠᠷ ᠤᠨ ᠳᠦᠷᠰᠦᠲᠦ ᠪᠠᠷᠢᠭᠤᠯ ᠨᠢ ᠬᠠᠮᠤᠭ ᠠᠴᠠ ᠠᠷᠪᠢᠨ᠂ ᠠᠷᠢᠶᠠᠳᠠᠨ ᠤ ᠳᠦᠷᠰᠦᠲᠦ ᠪᠠᠷᠢᠭᠤᠯ ᠪᠠ ᠭᠦᠮᠦᠨ  ᠤ ᠳᠦᠷᠰᠦᠲᠦ ᠪᠠᠷᠢᠭᠤᠯ ᠨᠢ ᠬᠠᠮᠤᠭ ᠠᠴᠠ ᠭᠤᠶᠤ ᠳᠡᠭᠵᠢᠨ ᠪᠠᠶᠢᠳᠠᠭ᠃ ᠠᠷᠢᠶᠠᠳᠠᠨ ᠤ ᠳᠦᠷᠰᠦᠲᠦ ᠪᠠᠷᠢᠭᠤᠯ ᠤᠨ ᠲᠤᠳᠤᠷ᠎ᠠ ᠠᠷᠰᠯᠠᠨ᠂ ᠪᠠᠷᠰ᠂ ᠮᠤᠷᠢ᠂ ᠲᠠᠭᠢᠶ᠎ᠠ᠂ ᠨᠤᠬᠠᠢ᠂ ᠮᠡᠯᠡᠭᠡᠢ᠂ ᠮᠤᠭᠠᠢ ᠶᠢᠨ ᠳᠦᠷᠰᠦᠲᠦ ᠪᠠᠷᠢᠭᠤᠯ ᠪᠤᠢ᠃ᠭᠦᠮᠦᠨ ᠤ ᠳᠦᠷᠰᠦᠲᠦ ᠪᠠᠷᠢᠭᠤᠯ ᠳᠤ ᠡᠷᠡᠭᠳᠡᠢ ᠡᠮᠡᠭᠳᠡᠢ ᠪᠤᠢ᠂ ᠵᠣᠭᠰᠤᠭ᠎ᠠ ᠪᠤᠰᠤᠭ᠎ᠠ ᠪᠤᠶᠤ ᠴᠣᠮᠴᠣᠶᠢᠵᠤ ᠰᠠᠭᠤᠭ᠎ᠠ ᠪᠠᠶᠢᠳᠠᠯ ᠲᠠᠢ ᠴᠤ ᠪᠤᠢ᠃ ᠶᠠᠩᠵᠤ ᠪᠦᠷᠢ ᠶᠢᠨ ᠭᠡᠯᠪᠡᠷᠢ ᠳᠦᠷᠰᠦᠲᠦ ᠶᠣᠸᠠᠨ ᠤᠯᠤᠰ ᠤᠨ ᠨᠢᠱᠠᠨ ᠲᠠᠮᠠᠭ᠎ᠠ ᠶᠢᠨ ᠪᠠᠷᠢᠭᠤᠯ ᠨᠢ ᠡᠷᠳᠡᠨ ᠤ ᠲᠠᠮᠠᠭ᠎ᠠ ᠶᠢᠨ ᠦᠶ᠎ᠡ ᠰᠦᠯᠵᠢᠯ ᠤᠨ ᠲᠤᠮᠳᠠ ᠳᠣᠪᠤᠶᠢᠮ᠎ᠠ ᠴᠢᠬᠤᠯᠨ ᠪᠠᠶᠢᠷᠢ  ᠶᠢ ᠡᠵᠡᠯᠡᠵᠤ ᠪᠠᠶᠢᠬᠤ ᠶᠤᠮ᠃      ᠶᠤᠸᠠᠨ ᠤᠯᠤᠰ ᠤᠨ ᠨᠢᠱᠠᠨ ᠲᠠᠮᠠᠭ᠎ᠠ ᠨᠢ ᠭᠦᠭᠡᠷᠦᠭᠦᠨ ᠰᠡᠷᠭᠦᠯᠡᠩ ᠪᠥᠭᠡᠳ ᠪᠤᠷᠤᠭᠵᠢᠭᠤᠨ ᠲᠤᠩᠭᠠᠯᠠᠭ  ᠢᠶᠠᠷ ᠢᠶᠠᠨ ᠣᠯᠠᠨ ᠤ ᠳᠤᠮᠳᠠ ᠪᠠᠨ ᠤᠭᠢ ᠪᠤᠯᠵᠤ᠂ ᠨᠢᠭᠡᠨ ᠪᠣᠲᠠ ᠭᠤᠪᠠᠢ ᠴᠡᠴᠡᠭ ᠮᠡᠲᠦ  ᠰᠤᠷᠭᠤᠭ ᠥᠩᠭᠡ ᠪᠠᠨ  ᠭᠠᠶᠢᠬᠠᠭᠤᠯᠵᠤ᠂ ᠡᠷᠳᠡᠨ ᠤ ᠲᠠᠮᠠᠭ᠎ᠠ ᠰᠠᠶᠢᠯᠤᠮᠠᠯ ᠤᠷᠠᠯᠢᠭ ᠤᠨ ᠡᠩᠨᠡᠭᠡᠨ ᠳᠤ ᠦᠡᠭᠭᠡ ᠭᠢᠯᠪᠠᠭ᠎ᠠ ᠪᠠᠨ ᠰᠠᠴᠤᠷᠠᠭᠤᠯᠵᠤ ᠪᠠᠶᠢᠨ᠎ᠠ᠃  
 
ᠢᠷᠡᠯᠲᠡ᠄ ᠮᠣᠩᠭᠤᠯ ᠤᠨ ᠨᠢᠭᠤᠴᠠ ᠳᠣᠪᠴᠢᠶᠠᠨ ᠤ ᠮᠦᠽᠧᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号