︽ᠮᠤᠩᠭᠤᠯ ᠤᠨ ᠨᠢᠭᠤᠴᠠ ᠳᠤᠪᠴᠢᠶᠠᠨ︾ ᠤ ᠮᠦᠽᠸᠢ ᠶᠢᠨ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2018-08-08
                 ︽ᠮᠤᠩᠭᠤᠯ ᠤᠨ ᠨᠢᠭᠤᠴᠠ ᠳᠤᠪᠴᠢᠶᠠᠨ︾ ᠤ ᠮᠦᠽᠸᠢ ᠶᠢᠨ ᠲᠠᠨᠢᠯᠴᠠᠭᠤᠯᠭ᠎ᠠ                                                                   ᠴᠢ᠊ · ᠲᠠᠯᠠᠢ      ︽ᠮᠤᠩᠭᠤᠯ ᠤᠨ ᠨᠢᠭᠤᠴᠠ ᠳᠤᠪᠴᠢᠶᠠᠨ︾ ᠪᠤᠯᠪᠠᠰᠤ ᠮᠤᠩᠭᠤᠯ ᠦᠨᠳᠤᠰᠤᠳᠡᠨ ᠤ ᠬᠠᠮᠤᠭ ᠠᠩᠬᠠᠨ ᠤ ᠨᠢᠬᠡᠨ ᠢᠵᠢ ᠪᠢᠴᠢᠭ ᠤᠨ ᠵᠤᠬᠢᠶᠠᠯ ᠮᠦᠨ᠃ ᠳᠡᠬᠦᠨ ᠳᠤ ᠨᠢᠬᠡᠨ ᠦᠶ᠎ᠡ ᠶᠢᠨ ᠳᠡᠭᠷᠢᠯᠢᠭ ᠬᠦᠪᠡᠬᠦᠨ ᠴᠢᠩᠬᠢᠰ ᠬᠠᠭᠠᠨ ᠤ ᠳᠡᠬᠡᠳᠤᠰ ᠤᠨ ᠦᠶ᠎ᠡ ᠵᠠᠯᠭᠠᠮᠵᠢ ᠶᠢᠨ ᠲᠡᠦᠬᠡ ᠪᠤᠯᠤᠨ ᠳᠡᠬᠦᠨ ᠤ ᠨᠠᠰᠤᠨ ᠳᠤᠷᠰᠢᠬᠢ ᠠᠤᠭ᠎ᠠ ᠦᠢᠯᠡᠰ ᠢ ᠳᠡᠮᠳᠡᠭᠯᠡᠵᠤ᠂ ᠬᠠᠮᠳᠤ ᠳᠤᠨᠢ ᠪᠠᠰᠠ ᠦᠬᠡᠳᠡᠢ ᠬᠠᠭᠠᠨ ᠤ ᠦᠶ᠎ᠡ ᠶᠢᠨ ᠳᠡᠤᠬᠡᠳᠤ ᠤᠴᠢᠷ ᠤᠳ ᠢ ᠪᠠᠭᠳᠠᠭᠠᠨ ᠳᠡᠮᠳᠡᠭᠯᠡᠭᠰᠡᠨ ᠶᠤᠮ᠃ ᠳᠡᠷᠡ ᠨᠢ ᠨᠢᠬᠡᠨ ᠢᠵᠢ ᠬᠤᠪᠤᠷ ᠴᠤᠬᠠᠭ ᠳᠡᠤᠬᠡ ᠳᠤᠭᠤᠷᠪᠢᠯ ᠪᠤᠯᠬᠤ ᠪᠠᠷ ᠦᠯᠦ ᠪᠠᠷᠠᠮ᠂ ᠳᠡᠬᠦᠨ ᠳᠤ ᠪᠠᠰᠠ ᠡᠷᠳᠡᠨ ᠤ ᠮᠤᠩᠭᠤᠯ ᠤᠨ ᠨᠡᠶᠢᠬᠡᠮ ᠤᠨ ᠦᠢᠯᠡᠳᠪᠤᠷᠢᠯᠡᠯ᠂ ᠨᠡᠶᠢᠬᠡᠮ ᠤᠨ ᠪᠠᠶᠢᠭᠤᠯᠤᠮᠵᠢ᠂ ᠤᠪᠤᠭ ᠠᠶᠢᠮᠠᠭ ᠤᠨ ᠤᠯᠠᠷᠢᠯᠳᠠ᠂ ᠠᠶᠢᠮᠠᠭ ᠤᠨ ᠬᠤᠭᠤᠷᠤᠨᠳᠤᠬᠢ ᠬᠤᠯᠪᠤᠭᠠᠯᠠᠯ ᠪᠠ ᠳᠠᠶᠢᠨ ᠪᠠᠶᠢᠯᠳᠤᠭᠠᠨ᠂ ᠨᠡᠶᠢᠬᠡᠮ ᠤᠨ ᠰᠡᠳᠬᠢᠴᠡ᠂ ᠠᠷᠠᠳ ᠤᠨ ᠰᠢᠳᠤᠯᠬᠡ ᠪᠢᠰᠢᠷᠡᠯ ᠪᠤᠯᠤᠨ ᠵᠠᠩ ᠦᠢᠯᠡ ᠵᠡᠷᠬᠡ ᠶᠢ ᠠᠮᠢᠳᠤ ᠪᠤᠳᠠᠳᠠᠢ ᠳᠦᠷᠰᠦᠯᠡᠨ ᠵᠢᠷᠤᠭᠯᠠᠭᠰᠠᠨ ᠳᠤᠯᠠᠳᠠ ᠡᠷᠳᠡᠨ ᠤ ᠮᠤᠩᠭᠤᠯ ᠤᠨ ᠨᠡᠶᠢᠬᠡᠮ ᠳᠡᠤᠬᠡ ᠶᠢᠨ ᠨᠡᠪᠳᠡᠷᠬᠡᠢ ᠳᠤᠯᠢ ᠪᠤᠯᠤᠭᠰᠠᠨ ᠶᠤᠮ᠃ ᠤᠯᠠᠨ ᠤᠯᠤᠰ ᠤᠨ ᠬᠤᠯᠪᠤᠭᠠᠳᠤ ᠪᠠᠶᠢᠭᠤᠯᠭ᠎ᠠ ᠶᠢᠨ ᠶᠤᠨᠧᠰᠺᠤ ᠪᠠᠷ 1989 ᠤᠨ ᠤ 6 ᠰᠠᠷ᠎ᠠ ᠶᠢᠨ 5 ᠤ ᠡᠳᠤᠷ ᠫᠧᠷᠢᠰ ᠲᠤ ᠬᠦᠢᠴᠡᠳᠬᠡᠬᠦ ᠬᠡᠰᠢᠬᠦᠳ ᠤᠨ ᠬᠤᠷᠠᠯ ᠢ ᠬᠤᠷᠠᠯᠳᠤᠭᠤᠯᠤᠨ᠂ ︽ᠮᠤᠩᠭᠤᠯ  ᠤᠨ ᠨᠢᠭᠤᠴᠠ ᠳᠤᠪᠴᠢᠶᠠᠨ︾ ᠢ ᠳᠡᠯᠡᠬᠡᠢ ᠶᠢᠨ ᠠᠯᠳᠠᠷᠳᠤ ᠪᠦᠳᠦᠬᠡᠯ ᠳᠤ ᠤᠷᠤᠭᠤᠯᠬᠤ ᠰᠢᠢᠳᠪᠤᠷᠢ ᠶᠢ ᠪᠠᠳᠤᠯᠠᠵᠤ᠂ ᠳᠡᠬᠦᠨ ᠤ ᠤᠷᠴᠢᠭᠤᠯᠭ᠎ᠠ ᠶᠢ ︽ᠳᠡᠯᠡᠬᠡᠢ ᠶᠢᠨ ᠠᠯᠳᠠᠷᠳᠤ ᠪᠦᠳᠦᠬᠡᠯ ᠤᠨ ᠴᠤᠪᠤᠷᠠᠯ ᠪᠢᠴᠢᠭ︾ ᠲᠤ ᠤᠷᠤᠭᠤᠯᠤᠨ᠂ ᠡᠯ᠎ᠡ ᠬᠡᠰᠢᠬᠦᠨ ᠤᠯᠤᠰ ᠤᠳ ︽ᠮᠤᠩᠭᠤᠯ ᠤᠨ ᠨᠢᠭᠤᠴᠠ ᠳᠤᠪᠴᠢᠶᠠᠨ︾ ᠤ  ᠪᠢᠴᠢᠭᠳᠡᠭᠰᠡᠨ 750 ᠵᠢᠯ ᠤᠨ ᠤᠢ ︵ᠳᠤᠬᠠᠶᠢᠯᠠᠪᠠᠯ 1990 ᠤᠨ︶ ᠳᠤ ᠳᠤᠬᠢᠶᠠᠯᠳᠤᠭᠤᠯᠤᠨ ᠳᠤᠷᠠᠰᠬᠠᠨ ᠳᠡᠮᠳᠡᠭᠯᠡᠬᠦ ᠬᠡᠷᠡᠭᠳᠡᠢ ᠬᠡᠮᠡᠨ ᠤᠷᠢᠶᠠᠯᠠᠵᠠᠢ᠃ ᠳᠡᠬᠦᠨ ᠤ ᠳᠠᠷᠠᠭ᠎ᠠ ᠪᠠᠷ ︽ᠮᠤᠩᠭᠤᠯ ᠤᠨ ᠨᠢᠭᠤᠴᠠ ᠳᠤᠪᠴᠢᠶᠠᠨ︾ ᠤ ᠰᠤᠳᠤᠯᠭ᠎ᠠ ᠤᠯᠠᠨ ᠤᠯᠤᠰ ᠤᠨ ᠬᠡᠪᠴᠢᠶᠡᠨ᠎ᠡ ᠳᠤᠷᠪᠢᠳᠠᠢ ᠬᠦᠭᠵᠢᠵᠤ᠂ ᠤᠤᠯ ᠰᠤᠷᠪᠤᠯᠵᠢ ᠪᠢᠴᠢᠭ ᠤᠨ ᠬᠡᠪᠯᠡᠯ ᠤᠨ ᠳᠠᠯ᠎ᠠ ᠪᠠᠷ ᠠᠯᠢ ᠤᠯᠠᠨ ᠤᠷᠴᠢᠭᠤᠯᠭ᠎ᠠ ᠶᠢᠨ ᠳᠡᠪᠳᠡᠷ᠂ ᠵᠡᠬᠦᠯᠳᠡ ᠬᠠᠳᠠᠭᠰᠠᠨ ᠳᠡᠪᠳᠡᠷ᠂ ᠳᠦᠬᠡᠮᠡᠯᠵᠢᠬᠦᠯᠬᠦ ᠳᠡᠪᠳᠡᠷ ᠤᠷᠢᠳ ᠬᠤᠵᠢᠳ ᠬᠡᠪᠯᠡᠭᠳᠡᠨ᠂ ᠰᠤᠳᠤᠯᠤᠭᠴᠢᠳ ᠪᠠ ᠤᠩᠰᠢᠭᠴᠢᠳ ᠲᠤ ᠡᠨᠡᠬᠦ ᠠᠯᠳᠠᠷᠳᠤ ᠪᠦᠳᠦᠬᠡᠯ ᠢ ᠰᠤᠨᠢᠷᠬᠠᠨ ᠰᠤᠳᠤᠯᠬᠤ ᠳᠤ ᠪᠠᠳᠤᠳᠠᠢ ᠳᠡᠪᠳᠡᠷ ᠨᠦᠭᠦᠳ ᠢ ᠬᠠᠩᠭᠠᠨ ᠦᠭᠴᠡᠢ᠃      ᠠᠯᠳᠠᠷᠳᠤ ᠤᠷᠠᠨ ᠪᠢᠴᠢᠯᠬᠡᠳᠡᠨ ᠪᠤᠤ ᠶᠢᠨ ᠱᠠᠨ ᠠᠪᠤᠭᠠᠢ 2001 ᠤᠨ ᠠᠴᠠ ᠡᠬᠢᠯᠡᠵᠦ᠂  ︽ᠮᠤᠩᠭᠤᠯ  ᠤᠨ ᠨᠢᠭᠤᠴᠠ ᠲᠤᠪᠴᠢᠶᠠᠨ︾ ᠤ ᠭᠤᠤᠯ ᠰᠡᠳᠤᠪ ᠤᠨ ᠨᠢᠬᠡᠳᠤᠮᠡᠯ ᠰᠢᠨᠵᠢ ᠲᠠᠢ᠂ ᠠᠴᠢᠶᠠᠯᠠᠭᠴᠢ ᠪᠡᠶ᠎ᠡ ᠶᠢᠨ ᠪᠠᠶᠠᠯᠢᠭ ᠰᠢᠨᠵᠢ ᠲᠠᠢ᠂ ᠤᠯᠠᠮᠵᠢᠯᠠᠯᠳᠤ ᠰᠤᠶᠤᠯ ᠪᠤᠯᠤᠨ ᠤᠳᠤ ᠦᠶ᠎ᠡ ᠶᠢᠨ ᠤᠷᠠᠯᠢᠭ ᠢ ᠤᠷᠭᠠᠨᠢᠭ ᠢᠶᠠᠷ ᠤᠶᠠᠯᠳᠤᠭᠤᠯᠤᠭᠰᠠᠨ ︽ᠮᠤᠩᠭᠤᠯ ᠤᠨ ᠨᠢᠭᠤᠴᠠ ᠲᠤᠪᠴᠢᠶᠠᠨ︾ ᠤ ᠤᠷᠠᠨ ᠪᠢᠴᠢᠯᠭᠡ ᠶᠢᠨ ᠤᠷᠲᠤ ᠡᠪᠬᠡᠮᠡᠯᠲᠦ ︵185 ᠬᠡᠰᠡᠭ︶  ᠂ ᠬᠦᠬᠡ ᠦᠩᠬᠡ ᠶᠢᠨ ᠲᠤᠷᠭᠠᠨ ᠳᠡᠭᠡᠷ᠎ᠡ ᠤᠷᠠᠯᠠᠨ ᠬᠠᠳᠬᠤᠭᠰᠠᠨ ︽ᠮᠤᠩᠭᠤᠯ ᠤᠨ ᠨᠢᠭᠤᠴᠠ ᠲᠤᠪᠴᠢᠶᠠᠨ︾ ︵185 ᠬᠡᠰᠡᠭ︶  ᠂  ᠤᠯᠠᠭᠠᠨ ᠽᠠᠨᠳᠠᠨ ᠮᠤᠳᠤᠨ ᠳᠡᠭᠡᠷ᠎ᠡ ᠲᠡᠪᠳᠡᠷᠯᠡᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ︵46 ᠨᠤᠭᠤᠯᠠᠪᠤᠷᠢ︶᠂ ᠦᠬᠡᠷ ᠤᠨ ᠰᠢᠷᠢᠨ᠎ᠡ ᠭᠦᠳᠦᠶᠢᠯᠭᠡᠨ ᠰᠡᠶᠢᠯᠵᠤ ᠠᠯᠳᠠ ᠰᠢᠷᠠᠭᠰᠠᠨ ︽ᠮᠤᠩᠭᠤᠯ ᠤᠨ ᠨᠢᠭᠤᠴᠠ ᠲᠤᠪᠴᠢᠶᠠᠨ︾  ︵185 ᠬᠡᠰᠡᠭ︶᠂ ᠦᠬᠡᠷ ᠤᠨ ᠰᠢᠷᠢᠨ᠎ᠡ ᠭᠦᠳᠦᠶᠢᠯᠭᠡᠨ ᠰᠡᠶᠢᠯᠵᠤ ᠠᠯᠳᠠ ᠰᠢᠷᠠᠭᠰᠠᠨ ᠬᠢᠳᠠᠳ ᠪᠠᠷ ᠤᠨ ︽ᠮᠤᠩᠭᠤᠯ ᠤᠨ ᠨᠢᠭᠤᠴᠠ ᠲᠤᠪᠴᠢᠶᠠᠨ︾ ︵185 ᠬᠡᠰᠡᠭ︶᠂ ᠦᠬᠡᠷ ᠤᠨ ᠰᠢᠷᠢᠨ ᠳᠡᠭᠡᠷ᠎ᠡ ᠬᠤᠳᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾  ︵185 ᠬᠡᠰᠡᠭ︶᠂ ᠮᠦᠩᠬᠦᠨ ᠬᠠᠪᠳᠠᠰᠤᠨ ᠲᠡᠬᠡᠷ᠎ᠡ ᠬᠦᠳᠦᠶᠢᠯᠬᠡᠨ ᠬᠢᠭᠰᠡᠨ ︽ᠮᠤᠩᠭᠤᠯ ᠤᠨ ᠨᠢᠭᠤᠴᠠ ᠲᠤᠪᠴᠢᠶᠠᠨ︾ ︵185 ᠬᠡᠰᠡᠭ︶᠂ ᠵᠢᠩ ᠳ᠋ᠧ ᠵᠧᠨ ᠪᠠᠯᠭᠠᠰᠤᠨ ᠤ ᠶᠤᠸᠠᠨ ᠤ ᠬᠦᠬᠡ ᠮᠦᠩᠬᠡ ᠶᠢᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ︾ ︵66 ᠲᠤᠯᠭᠠᠭᠤᠷᠢ︶᠂ ᠱᠠᠭᠠᠵᠠᠩ ᠫᠢᠯᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠲᠤᠪᠴᠢᠶᠠᠨ︾  ︵185 ᠬᠡᠰᠡᠭ︶᠂ ᠲᠡᠮᠡᠭᠡᠨ ᠤ ᠰᠢᠯᠪᠢᠨ ᠶᠠᠰᠣᠨ ᠲᠡᠬᠡᠷ᠎ᠡ  ᠬᠤᠲᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾ ︵690 ᠬᠡᠰᠡᠭ︶᠂ ᠭᠠᠨᠳᠢᠭ ᠴᠢᠯᠠᠭᠤᠨ ᠳᠡᠭᠡᠷ᠎ᠡ ᠭᠤᠷᠯᠠᠨ ᠰᠡᠶᠢᠯᠵᠤ ᠠᠯᠳᠠ ᠰᠢᠭᠢᠳᠭᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ︵192 ᠬᠡᠰᠡᠭ︶ ᠢ ᠬᠢᠭᠰᠡᠨ ᠢᠶᠠᠷ ᠪᠠᠷᠠᠬᠤ ᠦᠬᠡᠢ ︽ᠮᠤᠩᠭᠤᠯ ᠤᠨ ᠨᠢᠭᠤᠴᠠ ᠲᠤᠪᠴᠢᠶᠠᠨ︾ ᠤ ᠵᠢᠷᠤᠭ ︵50 ᠬᠡᠰᠡᠭ︶᠂  ᠱᠠᠭᠠᠵᠠᠩ ᠫᠢᠯᠠ ᠲᠡᠬᠡᠷ᠎ᠡ ᠰᠡᠶᠢᠯᠪᠦᠷᠢᠯᠡᠭᠰᠡᠨ ︽ᠴᠢᠩᠬᠢᠰ ᠤᠨ ᠪᠢᠯᠢᠭ ᠰᠤᠷᠭᠠᠯ︾ ︵185 ᠬᠡᠰᠡᠭ︶ ᠪᠦᠬᠦᠳᠠ 13 ᠵᠦᠢᠯ ᠤᠨ 2524 ᠬᠡᠰᠡᠭ ᠰᠢᠷᠢᠰ ᠤᠷᠠᠯᠢᠭ ᠤᠨ ᠪᠦᠳᠦᠬᠡᠯ ᠢ ᠡᠬᠦᠳᠦᠨ ᠪᠦᠳᠦᠬᠡᠵᠡᠢ᠃ ᠡᠬᠦᠨ ᠠᠴᠠ ᠭᠠᠳᠠᠨ᠎ᠠ᠂ ᠮᠤᠩᠭᠤᠯ᠂ ᠶᠤᠸᠠᠨ ᠂ ᠤᠮᠠᠷᠠᠳᠤ ᠶᠤᠸᠠᠨ ᠤᠯᠤᠰ ᠤᠨ 37 ᠬᠠᠭᠠᠳ ᠤᠨ ᠵᠢᠷᠤᠭ ᠵᠢᠴᠢ 13 ᠮᠤᠩᠭᠤᠯ ᠬᠠᠭᠠᠳ ᠤᠨ ᠮᠤᠳᠤᠨ ᠰᠡᠶᠢᠯᠤᠮᠡᠯ ᠪᠤᠯᠤᠨ ᠴᠢᠩᠬᠢᠰ ᠬᠠᠭᠠᠨ ᠤ ᠠᠯᠳᠠᠨ ᠵᠤᠭᠤᠰ᠂ ᠶᠤᠸᠠᠨ ᠤᠯᠤᠰ ᠤᠨ ᠨᠢᠱᠠᠨ ᠲᠠᠮᠠᠭ᠎ᠠ ᠪᠠ ᠫᠠᠭᠪᠠ ᠶᠢᠨ ᠲᠦᠷᠪᠡᠯᠵᠢᠨ ᠦᠰᠦᠭᠳᠦ ᠵᠤᠭᠤᠰ ᠨᠠᠶᠢᠳᠠ 211 ᠬᠡᠰᠡᠭ ᠲᠡᠦᠬᠡ ᠶᠢᠨ ᠲᠤᠷᠠᠰᠬᠠᠯᠳᠤ ᠵᠦᠢᠯ ᠪᠠ ︽ᠮᠤᠩᠭᠤᠯ ᠤᠨ ᠨᠢᠭᠤᠴᠠ ᠲᠤᠪᠴᠢᠶᠠᠨ︾ ᠤ ᠡᠯ᠎ᠡ ᠵᠦᠢᠯ ᠤᠨ ᠪᠠᠷ ᠬᠡᠪᠯᠡᠯ ᠵᠢᠴᠢ ᠤᠯᠠᠨ ᠵᠦᠢᠯ ᠤᠨ ᠮᠤᠩᠭᠤᠯ ᠬᠢᠳᠠᠳ ᠰᠤᠷᠪᠤᠯᠵᠢ ᠪᠢᠴᠢᠭ ᠢ 10000 ᠭᠠᠷᠤᠢ ᠲᠡᠪᠳᠡᠷ ᠬᠠᠳᠠᠭᠠᠯᠠᠵᠢ᠃  ︵ᠮᠦᠽᠸᠢ ᠳᠤ ᠬᠠᠳᠠᠭᠠᠯᠠᠵᠤ ᠪᠠᠶᠢᠭ᠎ᠠ ᠪᠦᠬᠦ ᠤᠷᠠᠯᠢᠭ  ᠤᠨ ᠪᠦᠳᠦᠬᠡᠯ ᠨᠢ 2574 ᠬᠡᠰᠡᠭ᠂ ᠲᠡᠦᠬᠡ ᠶᠢᠨ ᠲᠤᠷᠠᠰᠬᠠᠯᠳᠤ ᠵᠦᠢᠯ 211 ᠬᠡᠰᠡᠭ᠂ 10000 ᠭᠠᠷᠤᠢ ᠨᠤᠮ ᠬᠠᠳᠠᠭᠠᠯᠠᠵᠤ ᠪᠤᠢ︶      2010 ᠤᠨ ᠳᠤ᠂ ᠪᠤᠤ ᠶᠢᠨ ᠱᠠᠨ ᠠᠪᠤᠭᠠᠢ ᠶᠢᠨ ︽ᠮᠤᠩᠭᠤᠯ ᠤᠨ ᠨᠢᠭᠤᠴᠠ ᠲᠤᠪᠴᠢᠶᠠᠨ︾ ᠤ ᠤᠷᠠᠨ ᠪᠢᠴᠢᠯᠭᠡ ᠶᠢᠨ ᠤᠷᠲᠤ ᠡᠪᠬᠡᠮᠡᠯᠲᠦ ᠨᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠠᠴᠠ ᠱᠠᠩᠬᠠᠢ ᠶᠢᠨ ᠲᠡᠯᠡᠬᠡᠢ ᠶᠢᠨ ᠦᠵᠡᠰᠬᠦᠯᠡᠩ ᠳᠤ ᠪᠡᠯᠭᠡᠯᠡᠬᠦ ᠴᠤᠷ ᠤᠨ ᠭᠠᠭᠴᠠ ᠨᠠᠨᠳᠢᠨ ᠪᠡᠯᠡᠭ ᠢᠶᠠᠷ ᠰᠤᠩᠭᠤᠭᠳᠠᠨ᠂ 2010 ᠤᠨ ᠤ 5 ᠰᠠᠷ᠎ᠠ ᠶᠢᠨ 24 ᠤ ᠡᠳᠦᠷ ᠳᠡᠯᠡᠬᠡᠢ ᠶᠢᠨ ᠦᠵᠡᠰᠭᠦᠯᠡᠩ ᠳᠤ ᠳᠡᠪᠰᠢᠭᠦᠯᠦᠭᠳᠡᠵᠤ ᠳᠠᠶᠠᠩ ᠳᠦᠮᠡᠨ ᠤ  ᠪᠠᠭ᠋ᠠᠷᠬᠠᠯ ᠢ ᠬᠦᠯᠢᠶᠡᠵᠡᠢ᠃      2011 ᠤᠨ ᠤ 7 ᠰᠠᠷ᠎ᠠ ᠶᠢᠨ 20 ᠤ ᠡᠳᠦᠷ᠂ ᠤᠳᠤᠭ ᠬᠤᠰᠢᠭᠤᠨ ᠤ ᠨᠠᠮ ᠤᠨ ᠬᠤᠷᠢᠶ᠎ᠠ᠂ ᠵᠠᠰᠠᠭ  ᠤᠨ ᠤᠷᠳᠤᠨ ᠤ ᠬᠤᠯᠪᠤᠭᠠᠳᠤ ᠬᠤᠷᠠᠯ ᠠᠴᠠ ︽ᠪᠤᠤ ᠶᠢᠨ ᠱᠠᠨ ᠤ  ︿ᠮᠤᠩᠭᠤᠯ ᠤᠨ ᠨᠢᠭᠤᠴᠠ ᠲᠤᠪᠴᠢᠶᠠᠨ﹀ ᠤ 13 ᠵᠦᠢᠯ ᠤᠨ ᠰᠢᠷᠢᠰ ᠪᠦᠳᠦᠬᠡᠯ ᠤᠨ ᠲᠤᠬᠠᠢ ᠰᠢᠢᠳᠪᠤᠷᠢ ᠭᠠᠷᠭᠠᠵᠤ᠂ ᠬᠤᠷᠠᠯ ᠠᠴᠠ ᠤᠳᠤᠭ ᠬᠤᠰᠢᠭᠤᠨ ᠤ ᠤᠯᠠᠭᠠᠨ ᠪᠠᠯᠭᠠᠰᠤᠨ ᠳᠤ ︽ᠮᠤᠩᠭᠤᠯ ᠤᠨ ᠨᠢᠭᠤᠴᠠ ᠲᠤᠪᠴᠢᠶᠠᠨ︾ ᠤ ᠮᠦᠽᠸᠢ ᠪᠠᠶᠢᠭᠤᠯᠬᠤ ᠪᠠᠷ ᠲᠤᠭᠳᠠᠭᠠᠵᠠᠢ ᠃ ᠲᠡᠬᠦᠨ ᠤ ᠲᠠᠷᠠᠭ᠎ᠠ ᠲᠤᠰᠬᠠᠢ ᠮᠠᠷᠬᠡᠵᠢᠯᠳᠡᠨ᠂ ᠡᠷᠳᠡᠮᠳᠡᠨ ᠪᠤᠯᠤᠨ ᠠᠵᠢᠯᠯᠠᠭᠴᠢ ᠶᠢᠨ 6 ᠵᠢᠯ ᠤᠨ ᠬᠠᠳᠠᠭᠤᠵᠢᠯᠳᠠᠢ ᠴᠢᠷᠮᠠᠶᠢᠯᠭ᠎ᠠ ᠪᠠᠷ 2017 ᠤᠨ ᠤ 7 ᠰᠠᠷ᠎ᠠ ᠳᠤ ︽ᠮᠤᠩᠭᠤᠯ ᠤᠨ ᠨᠢᠭᠤᠴᠠ ᠲᠤᠪᠴᠢᠶᠠᠨ︾ ᠤ ᠮᠦᠽᠸᠢ ᠦᠪᠡᠭᠳᠡᠭᠰᠢ ᠶᠡᠭᠡ ᠪᠠᠷ ᠨᠡᠬᠡᠬᠡᠭᠳᠡᠬᠦ ᠪᠤᠯᠤᠯ᠎ᠠ᠃      ︽ᠮᠤᠩᠭᠤᠯ ᠤᠨ ᠨᠢᠭᠤᠴᠠ ᠲᠤᠪᠴᠢᠶᠠᠨ︾ ᠤ ᠮᠦᠽᠸᠢ  ᠤᠯᠠᠭᠠᠨᠪᠠᠯᠭᠠᠰᠣᠨ ᠤ ᠰᠢᠨ᠎ᠡ ᠲᠤᠭᠤᠷᠢᠭ ᠲᠤ ᠪᠠᠶᠢᠷᠢᠯᠠᠵᠤ᠂ ᠪᠦᠬᠦ ᠲᠠᠯᠠᠪᠠᠢ ᠨᠢ 6220 ᠲᠡᠭᠰᠢ ᠲᠦᠷᠪᠡᠯᠵᠢᠨ ᠮᠧᠲᠷ᠂ ᠡᠬᠦᠨ ᠳᠤ ᠠᠭᠤᠳᠠᠮ ᠲᠠᠯᠠᠪᠠᠢ ᠨᠢ 2880 ᠲᠡᠭᠰᠢ ᠲᠦᠷᠪᠡᠯᠵᠢᠨ ᠮᠧᠲᠷ᠂ ᠦᠵᠡᠬᠦᠯᠦᠯᠬᠡ ᠶᠢᠨ ᠲᠢᠩᠬᠢᠮ ᠨᠢ 3420 ᠲᠡᠭᠰᠢ ᠲᠦᠷᠪᠡᠯᠵᠢᠨ ᠮᠧᠲᠷ ᠪᠠᠶᠢᠵᠤ᠂ ᠰᠦᠯᠳᠡ ᠲᠢᠩᠬᠢᠮ᠂ ᠬᠠᠭᠠᠨ ᠲᠢᠩᠬᠢᠮ᠂ ᠬᠦᠳᠡᠭᠡ ᠲᠢᠩᠬᠢᠮ᠂ ᠰᠤᠳᠤᠷ ᠲᠢᠩᠬᠢᠮ᠂ ᠨᠠᠬᠤ ᠲᠢᠩᠬᠢᠮ᠂ ᠤᠨᠤᠨ ᠲᠢᠩᠬᠢᠮ᠂ ᠡᠵᠡᠨ ᠠᠭᠤᠳᠠᠮ ᠲᠠᠯᠠᠪᠠᠢ ᠵᠡᠷᠬᠡ 6 ᠲᠢᠩᠬᠢᠮ 1 ᠠᠭᠤᠳᠠᠮ ᠲᠠᠯᠠᠪᠠᠢ ᠲᠠᠢ᠃      ᠰᠦᠯᠳᠡ ᠲᠢᠩᠬᠢᠮ᠄  ᠶᠠᠭᠤᠨ ᠤ ᠡᠮᠤᠨ᠎ᠡ ᠲᠠᠨ ᠤ ᠮᠠᠯᠮᠠᠢ ᠳᠤ ᠬᠠᠷ᠎ᠠ ᠴᠠᠭᠠᠨ ᠬᠤᠶᠠᠷ ᠰᠦᠯᠳᠡ ᠪᠤᠯᠤᠨ ᠲᠦᠷᠦ ᠶᠢᠨ ᠤᠳᠤᠷᠢᠳᠬᠤ ᠬᠦᠮᠦᠨ ᠪᠦᠬᠡ ᠶᠢᠨ ︽ᠲᠤᠮᠳᠠᠳᠤ ᠤᠯᠤᠰ ᠤᠨ ᠮᠤᠩᠭᠤᠯ ᠤᠨ ᠨᠢᠭᠤᠴᠠ ᠲᠤᠪᠴᠢᠶᠠᠨ︾ ᠬᠡᠮᠡᠬᠦ ᠪᠢᠴᠢᠬᠡᠰᠦ ᠪᠡ 13 ᠮᠤᠩᠭᠤᠯ ᠬᠠᠭᠠᠳ ᠤᠨ ᠮᠤᠳᠤᠨ ᠰᠡᠶᠢᠯᠤᠮᠡᠯ ᠲᠤᠳᠤᠷᠠᠨ᠂ ᠲᠢᠩᠬᠢᠮ ᠳᠤ ᠪᠤᠤ ᠶᠢᠨ ᠱᠠᠨ ᠠᠪᠤᠭᠠᠢ ᠶᠢᠨ ᠮᠤᠩᠭᠤᠯ ᠦᠰᠦᠭ ᠤᠨ ︽ᠮᠤᠩᠭᠤᠯ ᠤᠨ ᠨᠢᠭᠤᠴᠠ ᠲᠤᠪᠴᠢᠶᠠᠨ︾ ᠤ ᠤᠷᠠᠨ ᠪᠢᠴᠢᠯᠬᠡ ᠶᠢᠨ ᠡᠪᠬᠡᠮᠡᠯᠳᠦ ᠪᠤᠯᠤᠨ ᠬᠠᠰᠴᠢᠯᠠᠭᠤ ᠠᠪᠤᠭᠠᠢ ᠶᠢᠨ ᠤᠶᠢᠭᠤᠷᠵᠢᠨ ᠮᠤᠩᠭᠤᠯ ᠦᠰᠦᠭ ᠤᠨ ︽ᠮᠤᠩᠭᠤᠯ ᠤᠨ ᠨᠢᠭᠤᠴᠠ ᠲᠤᠪᠴᠢᠶᠠᠨ︾᠂  ᠪᠠᠳᠠᠷᠠᠯᠳᠣ ᠲᠦᠷᠦ ᠶᠢᠨ ᠬᠠᠷᠠᠭᠴᠢᠨ ᠲᠠᠦᠯᠠᠢ ᠵᠢᠯ ᠤᠨ ᠵᠤᠨ ᠱᠠᠩᠬᠠᠢ ᠶᠢᠨ ᠸᠠᠨ ᠷᠦᠢ ᠠᠰᠠᠷ  ᠤᠨ ᠴᠢᠯᠠᠭᠤᠨ ᠪᠠᠷ ᠤᠨ ﹇ᠴᠢᠩ﹈ ᠯᠢ ᠸᠠᠨ ᠲᠢᠶᠠᠨ ᠤ ︽ᠮᠤᠩᠭᠤᠯ ᠤᠨ ᠨᠢᠭᠤᠴᠠ ᠲᠤᠪᠴᠢᠶᠠᠨ ᠤ ᠲᠠᠶᠢᠯᠪᠤᠷᠢ︾ ᠪᠤᠯᠤᠨ ᠪᠠᠳᠠᠷᠠᠭᠤᠯᠳᠤ ᠲᠦᠷᠦ ᠶᠢᠨ ᠤᠯᠠᠭᠴᠢᠨ ᠲᠠᠬᠢᠶ᠎ᠠ ᠵᠢᠯ ᠬᠡᠪᠯᠡᠭᠰᠡᠨ ﹇ᠴᠢᠩ﹈  ᠬᠤᠩ ᠵᠢᠶᠦ᠋ᠨ ᠤ ᠵᠤᠬᠢᠶᠠᠭᠰᠠᠨ ︽ ᠶᠤᠸᠠᠨ ᠤᠯᠤᠰ ᠤᠨ ᠲᠠᠦᠬᠡ ᠶᠢᠨ ᠤᠷᠴᠢᠭᠤᠯᠭ᠎ᠠ ᠶᠢᠨ ᠨᠦᠬᠦᠪᠦᠷᠢᠯᠡᠯ︾ ᠢ ᠬᠠᠳᠠᠭᠠᠯᠠᠨ᠂ ᠮᠦᠩᠬᠦᠨ ᠬᠠᠪᠳᠠᠰᠤᠨ ᠲᠡᠬᠡᠷ᠎ᠡ ᠬᠦᠳᠦᠶᠢᠯᠬᠡᠨ ᠬᠢᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠪᠠ ᠵᠢᠩ ᠳ᠋ᠧ ᠵᠧᠨ ᠪᠠᠯᠭᠠᠰᠤᠨ ᠤ ᠶᠤᠸᠠᠨ ᠤ ᠴᠢᠩ ᠬᠤᠸ᠋ᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ︾ ᠢ ᠲᠠᠯᠪᠢᠵᠠᠢ᠃      ᠬᠠᠭᠠᠨ ᠲᠢᠩᠬᠢᠮ᠄ ᠬᠠᠨᠠᠨ ᠳᠤᠨᠢ ︽ᠮᠤᠩᠭᠤᠯ ᠤᠨ ᠨᠢᠭᠤᠴᠠ ᠲᠤᠪᠴᠢᠶᠠᠨ︾ ᠤ ᠡᠪᠬᠡᠮᠡᠯ ᠵᠢᠷᠤᠭ ᠪᠠ ᠮᠤᠩᠭᠤᠯ ᠬᠠᠭᠠᠳ ᠤᠨ ᠵᠢᠷᠤᠭ ᠢ ᠡᠯᠬᠦᠵᠦ᠂ ᠬᠦᠬᠡ ᠦᠩᠬᠡ ᠶᠢᠨ ᠲᠤᠷᠭᠠᠨ ᠳᠡᠭᠡᠷ᠎ᠡ ᠤᠷᠠᠯᠠᠨ ᠬᠠᠳᠬᠤᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠤᠯᠠᠭᠠᠨ ᠽᠠᠨᠳᠠᠨ ᠮᠤᠳᠤᠨ ᠳᠡᠭᠡᠷ᠎ᠡ ᠲᠡᠪᠳᠡᠷᠯᠡᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾᠂ ᠱᠠᠭᠠᠵᠠᠩ ᠫᠢᠯᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠢ ᠪᠠᠶᠢᠷᠢᠯᠠᠭᠤᠯᠵᠤ᠂ 8 ᠵᠦᠢᠯ ᠤᠨ ᠲᠡᠦᠬᠡ ᠶᠢᠨ ᠲᠤᠷᠠᠰᠠᠬᠠᠯᠳᠤ ᠡᠳ᠋ ᠢ ᠬᠠᠳᠠᠭᠠᠯᠠᠵᠠᠢ᠃      ᠬᠦᠳᠡᠭᠡ ᠲᠢᠩᠬᠢᠮ᠄ ᠦᠬᠡᠷ ᠤᠨ ᠰᠢᠷᠢᠨ᠎ᠡ ᠭᠦᠳᠦᠶᠢᠯᠭᠡᠨ ᠰᠡᠶᠢᠯᠵᠤ ᠠᠯᠳᠠ ᠰᠢᠷᠠᠭᠰᠠᠨ ᠬᠢᠳᠠᠳ ᠪᠠᠷ ᠤᠨ ︽ᠮᠤᠩᠭᠤᠯ ᠤᠨ ᠨᠢᠭᠤᠴᠠ ᠲᠤᠪᠴᠢᠶᠠᠨ︾᠂ ᠲᠡᠮᠡᠭᠡᠨ ᠤ ᠰᠢᠯᠪᠢᠨ ᠶᠠᠰᠣᠨ ᠲᠡᠬᠡᠷ᠎ᠡ  ᠬᠤᠳᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾᠂ ᠵᠢᠩ ᠳ᠋ᠧ ᠵᠧᠨ ᠪᠠᠯᠭᠠᠰᠤᠨ ᠤ ᠶᠤᠸᠠᠨ ᠤ ᠴᠢᠩ ᠬᠤᠸ᠋ᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ ︾ ᠢ ᠪᠠᠶᠢᠷᠢᠯᠠᠭᠤᠯᠤᠨ ᠲᠠᠯᠪᠢᠵᠦ᠂ 29 ᠬᠡᠰᠡᠭ ᠬᠠᠨᠠᠨ ᠵᠢᠷᠤᠭ ᠡᠯᠬᠦᠵᠦ᠂ 76 ᠵᠦᠢᠯ ᠤᠨ ᠲᠡᠦᠬᠡ ᠶᠢᠨ ᠲᠤᠷᠠᠰᠠᠬᠠᠯᠳᠤ ᠡᠳ᠋ ᠢ ᠬᠠᠳᠠᠭᠠᠯᠠᠵᠠᠢ᠃      ᠰᠤᠳᠤᠷ ᠲᠢᠩᠬᠢᠮ᠄ 12000 ᠭᠠᠷᠤᠢ ᠲᠠᠪᠳᠠᠷ ᠬᠠᠳᠠᠭᠠᠯᠠᠭᠰᠠᠨ ︽ᠨᠤᠮ ᠤᠨ ᠦᠷᠦᠬᠡ︾ ᠪᠠ ᠤᠩᠰᠢᠯᠭ᠎ᠠ ᠶᠢᠨ ᠲᠠᠰᠤᠭ ᠲᠠᠢ ᠪᠠᠶᠢᠵᠤ᠂ ᠲᠢᠩᠬᠢᠮ ᠳᠤᠨᠢ ︽ᠮᠤᠩᠭᠤᠯ ᠤᠨ ᠨᠢᠭᠤᠴᠠ ᠲᠤᠪᠴᠢᠶᠠᠨ︾ ᠤ ᠡᠯ᠎ᠡ ᠵᠦᠢᠯ ᠤᠨ ᠬᠡᠪᠯᠡᠯ ᠵᠢᠴᠢ ᠵᠢᠩ ᠳ᠋ᠧ ᠵᠧᠨ ᠪᠠᠯᠭᠠᠰᠤᠨ ᠤ ᠶᠤᠸᠠᠨ ᠤ ᠴᠢᠩ ᠬᠤᠸ᠋ᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ︾ ᠢ ᠪᠠᠶᠢᠷᠢᠯᠠᠭᠤᠯᠤᠨ ᠲᠠᠯᠪᠢᠵᠦ᠂ 26 ᠬᠡᠰᠡᠭ ᠬᠠᠨᠠᠨ ᠵᠢᠷᠤᠭ ᠡᠯᠬᠦᠵᠦ᠂ 8 ᠵᠦᠢᠯ ᠤᠨ ᠲᠡᠦᠬᠡ ᠶᠢᠨ ᠲᠤᠷᠠᠰᠠᠬᠠᠯᠳᠤ ᠡᠳ᠋ ᠢ ᠬᠠᠳᠠᠭᠠᠯᠠᠵᠠᠢ᠃      ᠨᠠᠬᠤ ᠲᠢᠩᠬᠢᠮ᠄ ᠦᠬᠡᠷ ᠤᠨ ᠰᠢᠷᠢᠨ ᠳᠡᠭᠡᠷ᠎ᠡ ᠬᠤᠳᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾᠂ ᠲᠡᠮᠡᠭᠡᠨ ᠤ ᠰᠢᠯᠪᠢᠨ ᠶᠠᠰᠣᠨ ᠲᠡᠬᠡᠷ᠎ᠡ ᠭᠤᠳᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾᠂ ᠵᠢᠩ ᠳ᠋ᠧ ᠵᠧᠨ ᠪᠠᠯᠭᠠᠰᠤᠨ ᠤ ᠶᠤᠸᠠᠨ ᠤ ᠴᠢᠩ ᠬᠤᠸ᠋ᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ︾ ᠢ ᠪᠠᠶᠢᠷᠢᠯᠠᠭᠤᠯᠤᠨ ᠲᠠᠯᠪᠢᠵᠦ᠂ 29 ᠬᠡᠰᠡᠭ ᠬᠠᠨᠠᠨ ᠵᠢᠷᠤᠭ ᠡᠯᠬᠦᠵᠦ᠂ 72 ᠵᠦᠢᠯ ᠤᠨ ᠲᠡᠦᠬᠡ ᠶᠢᠨ ᠲᠤᠷᠠᠰᠠᠬᠠᠯᠳᠤ ᠡᠳ᠋ ᠢ ᠬᠠᠳᠠᠭᠠᠯᠠᠵᠠᠢ᠃      ᠤᠨᠤᠨ ᠲᠢᠩᠬᠢᠮ᠄ ᠦᠬᠡᠷ ᠤᠨ ᠰᠢᠷᠢᠨ᠎ᠡ ᠭᠦᠳᠦᠶᠢᠯᠭᠡᠨ ᠰᠡᠶᠢᠯᠵᠤ ᠠᠯᠳᠠ ᠰᠢᠷᠠᠭᠰᠠᠨ ︽ᠮᠤᠩᠭᠤᠯ ᠤᠨ ᠨᠢᠭᠤᠴᠠ ᠲᠤᠪᠴᠢᠶᠠᠨ︾᠂ ᠲᠡᠮᠡᠭᠡᠨ ᠤ ᠰᠢᠯᠪᠢᠨ ᠶᠠᠰᠣᠨ ᠲᠡᠬᠡᠷ᠎ᠡ ᠭᠤᠳᠤᠶᠢᠯᠭᠠᠨ ᠰᠡᠶᠢᠯᠦᠭᠰᠡᠨ ︽ᠮᠤᠩᠭᠤᠯ ᠤᠨ ᠨᠢᠭᠤᠴᠠ ᠲᠤᠪᠴᠢᠶᠠᠨ︾᠂ ᠵᠢᠩ ᠳ᠋ᠧ ᠵᠧᠨ ᠪᠠᠯᠭᠠᠰᠤᠨ ᠤ ᠶᠤᠸᠠᠨ ᠤ ᠴᠢᠩ ᠬᠤᠸ᠋ᠨ ᠱᠠᠭᠠᠵᠠᠩ ᠢ ᠲᠠᠭᠤᠷᠢᠶᠠᠨ ᠰᠢᠳᠠᠭᠠᠭᠰᠠᠨ ᠱᠠᠭᠠᠵᠠᠩ ᠪᠠᠭᠠᠨ᠎ᠠ ᠲᠡᠬᠡᠷ᠎ᠡ ᠰᠡᠶᠢᠯᠪᠦᠷᠢᠯᠡᠭᠰᠡᠨ ︽ᠮᠤᠩᠭᠤᠯ ᠤᠨ ᠨᠢᠭᠤᠴᠠ ᠳᠤᠪᠴᠢᠶᠠᠨ︾ ᠢ ᠪᠠᠶᠢᠷᠢᠯᠠᠭᠤᠯᠤᠨ ᠲᠠᠯᠪᠢᠵᠦ᠂ 23 ᠬᠡᠰᠡᠭ ᠬᠠᠨᠠᠨ ᠵᠢᠷᠤᠭ ᠡᠯᠬᠦᠵᠦ᠂ 37 ᠵᠦᠢᠯ ᠤᠨ ᠲᠡᠦᠬᠡ ᠶᠢᠨ ᠲᠤᠷᠠᠰᠠᠬᠠᠯᠳᠤ ᠡᠳ᠋ ᠢ ᠲᠠᠯᠬᠡᠨ ᠦᠵᠡᠬᠦᠯᠵᠡᠢ᠃      ᠡᠵᠡᠨ ᠠᠭᠤᠳᠠᠮ ᠲᠠᠯᠠᠪᠠᠢ᠄ ᠭᠤᠤᠯ ᠲᠤᠮᠳᠠ ᠨᠢ ᠲᠤᠯᠤᠢ ᠡᠵᠡᠨ ᠤ ᠱᠤᠭᠤᠮᠠᠯ ᠰᠦᠨᠳᠡᠷᠯᠡᠵᠤ᠂ ᠡᠷᠬᠢᠨ ᠲᠤᠭᠤᠷᠢᠨ ᠳᠤᠨᠢ ᠭᠠᠨᠳᠢᠭ ᠴᠢᠯᠠᠭᠤᠨ ᠳᠡᠭᠡᠷ᠎ᠡ ᠭᠤᠷᠯᠠᠨ ᠰᠡᠶᠢᠯᠵᠤ ᠠᠯᠳᠠ ᠰᠢᠭᠢᠳᠭᠡᠭᠰᠡᠨ ︽ᠮᠤᠩᠭᠤᠯ ᠤᠨ ᠨᠢᠭᠤᠴᠠ ᠲᠤᠪᠴᠢᠶᠠᠨ︾ ᠢ ᠪᠤᠰᠬᠠᠭᠰᠠᠨ ᠪᠠᠶᠢᠨ᠎ᠠ᠃
 
ᠢᠷᠡᠯᠲᠡ᠄ ᠮᠣᠩᠭᠤᠯ ᠤᠨ ᠨᠢᠭᠤᠴᠠ ᠳᠣᠪᠴᠢᠶᠠᠨ ᠤ ᠮᠦᠽᠧᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号