ᠮᠣᠩᠭᠤᠯ ᠤᠨ ᠨᠢᠭᠤᠴᠠ ᠲᠣᠪᠴᠢᠶᠠᠨ ᠤ ᠲᠠᠪᠢᠨ ᠵᠢᠷᠤᠭ ᠤᠨ ᠲᠠᠶᠢᠯᠪᠤᠷᠢ ᠰᠢᠯᠦᠭᠯᠡᠯ
ᠨᠡᠶᠢᠲᠡᠯᠡᠭᠰᠡᠨ ᠴᠠᠭ᠄
2018-08-08
              ᠮᠣᠩᠭᠤᠯ ᠤᠨ ᠨᠢᠭᠤᠴᠠ ᠲᠣᠪᠴᠢᠶᠠᠨ ᠤ ᠲᠠᠪᠢᠨ ᠵᠢᠷᠤᠭ ᠤᠨ ᠲᠠᠶᠢᠯᠪᠤᠷᠢ ᠰᠢᠯᠦᠭᠯᠡᠯ1᠂   ᠪᠥᠷᠲᠡ ᠴᠢᠨ᠋ᠸ᠎ᠠ ᠬᠤᠸᠠ ᠮᠠᠷᠠᠯ ᠳᠡᠩᠭᠢᠰ ᠭᠡᠳᠦᠯᠵᠦ ᠢᠷᠡᠭᠡᠳ᠂       ᠪᠤᠭᠤ ᠰᠤᠭᠤ ᠪᠣᠯᠭᠢᠨ ᠲᠣᠭᠯᠠᠭᠰᠠᠨ ᠪᠤᠷᠬᠠᠨ ᠬᠠᠯᠲᠤᠨ᠎ᠠ ᠨᠤᠲᠤᠭᠯᠠᠪᠠᠢ᠃       ᠪᠣᠷᠵᠢᠭᠢᠲᠠᠢ ᠮᠡᠷᠭᠡᠨ ᠮᠣᠩᠭᠤᠯᠵᠢᠨ ᠭᠤᠸ᠎ᠠ ᠦᠶ᠎ᠡ ᠲᠠᠮᠵᠢᠨ ᠣᠷᠣᠰᠢᠭᠠᠳ᠂       ᠪᠤᠶᠠᠨᠲᠤ ᠲᠠᠩᠰᠤᠭ ᠡᠨᠡ ᠨᠤᠳᠤᠭ ᠢ ᠪᠤᠭᠤᠷᠤᠯ ᠲᠡᠤᠬᠡᠨ ᠳᠤ ᠮᠦᠡᠭᠬᠡᠷᠡᠭᠦᠯᠪᠡᠢ᠃  2᠂   ᠠᠶᠢᠯᠠᠳᠦᠯ ᠣᠨᠴᠢᠲᠠᠢ ᠳᠣᠸᠠ ᠰᠣᠬᠤᠷ ᠳᠤᠬᠤᠨ ᠳᠤᠷ ᠭᠠᠭᠴᠠ ᠨᠢᠳᠦᠲᠡᠢ ᠴᠦ᠂       ᠠᠩᠭᠢᠳᠠ ᠭᠤᠷᠪᠠᠨ ᠨᠡᠭᠦᠷᠢ ᠰᠢᠨᠵᠢᠵᠦ ᠰᠠᠶᠢᠨ ᠥᠬᠢᠨ ᠢ ᠮᠡᠳᠡᠭᠰᠡᠨ᠃       ᠠᠷᠢᠭ ᠤᠰᠤᠨ᠎ᠠ ᠬᠤᠷᠢᠯᠠᠷᠲᠠᠢ ᠮᠡᠷᠭᠡᠨ ᠤ ᠪᠠᠷᠭᠤᠵᠢᠨ ᠭᠤᠸ᠎ᠠ ᠳ᠋ᠠᠴᠠ ᠲᠥᠷᠥᠭᠰᠡᠨ᠂       ᠠᠯᠳᠠᠷ ᠶᠡᠬᠡᠲᠡᠢ ᠠᠯᠤᠨ ᠭᠤᠸ᠎ᠠ ᠶᠢ ᠳᠤᠪᠤᠨ ᠮᠡᠷᠭᠡᠨ ᠭᠤᠶᠤᠭᠰᠠᠨ᠃         3  ᠂  ᠠᠩ ᠭᠥᠷᠥᠭᠡᠰᠦ ᠶᠢᠨ ᠥᠷᠥᠭᠡᠰᠦᠨ ᠭᠤᠶ᠎ᠠ ᠪᠠᠷ ᠮᠠᠭᠠᠯᠢᠭ ᠪᠠᠶᠠᠭᠤᠳᠠᠢ ᠶᠢ ᠠᠷᠠᠯᠵᠢᠭᠰᠠᠨ᠂       ᠠᠷᠢᠭᠤᠨ ᠰᠡᠳᠬᠢᠯᠲᠦ ᠠᠯᠤᠨ ᠡᠬᠡ  ᠪᠣᠳᠣᠨᠴᠠᠷ ᠮᠤᠩᠬᠠᠭ ᠢ ᠲᠥᠷᠥᠭᠰᠡᠨ᠃       ᠠᠬᠠᠨᠠᠷ ᠳᠡᠭᠦᠦᠨᠡᠷ ᠲᠠᠪᠤᠭᠤᠯᠠ ᠡᠶᠡᠲᠦᠯᠳᠦᠨ ᠣᠷᠢᠶᠠᠩᠬᠠᠨ ᠢᠷᠭᠡᠨ᠎ᠡ ᠮᠣᠷᠢᠯᠠᠭᠰᠠᠨ᠂       ᠠᠳᠠᠩᠬᠠᠨ ᠣᠷᠢᠶᠠᠩᠬᠠᠵᠢᠨ ᠡᠮ᠎ᠡ ᠶᠢ ᠪᠠᠷᠢᠵᠤ ᠪᠣᠳᠣᠨᠴᠠᠷ ᠭᠡᠷᠭᠡᠢ ᠪᠠᠨ ᠪᠣᠯᠭᠠᠭᠰᠠᠨ᠃   4᠂   ᠠᠪᠵᠠᠭᠠᠲᠠᠢ ᠲᠠᠲ᠋ᠠᠷ ᠠᠯᠵᠢᠶᠠᠰ ᠦᠢᠯᠡ ᠪᠠᠷ ᠬᠠᠪᠢᠷᠭ᠎ᠠ ᠮᠠᠭᠤᠲᠠᠢ ᠤᠯᠤᠰ᠂       ᠠᠮᠪᠠᠭᠠᠢ ᠬᠠᠭᠠᠨ ᠥᠬᠢᠨ ᠬᠦᠷᠭᠡᠵᠦ ᠲᠠᠲ᠋ᠠᠷ ᠤᠨ ᠮᠡᠬᠡᠨ ᠳᠤᠷ ᠤᠨᠠᠪᠠ᠃         ᠠᠯᠲᠠᠨ ᠤᠯᠤᠰ ᠠᠩᠬᠠᠨ ᠠᠴᠠ ᠠᠪᠤᠭᠠᠳ ᠮᠤᠩᠭᠤᠯ ᠳᠤᠷ ᠦᠰᠯᠡᠬᠦ ᠲᠤᠯᠠᠳᠠ᠂       ᠠᠯᠠ ᠳᠤᠷ ᠮᠣᠳᠤᠨ ᠡᠯᠵᠢᠭᠡ ᠤᠨᠤᠭᠤᠯᠵᠤ ᠠᠮᠪᠠᠭᠠᠢ ᠬᠠᠭᠠᠨ ᠢ ᠬᠤᠷᠣᠭᠠᠪᠠ᠃  5 .   ᠠᠮᠪᠠᠭᠠᠢ ᠬᠠᠭᠠᠨ ᠤ ᠦᠰᠢᠶ᠎ᠡ ᠶᠢ ᠠᠪᠤᠷ᠎ᠠ ᠬᠤᠲᠤᠯᠠ ᠶᠢᠰᠦᠭᠡᠢ ᠲᠡᠷᠢᠭᠦᠯᠡᠨ᠂       ᠠᠷᠪᠠᠨ ᠭᠤᠷᠪᠠᠨ ᠤᠳᠠᠭ᠎ᠠ ᠬᠠᠳᠬᠤᠯᠳᠤᠵᠤ ᠲᠡᠮᠦᠵᠢᠨ ᠦᠭᠡ ᠶᠢ ᠳᠠᠷᠤᠪᠠ᠃       ᠠᠯᠠᠭᠠᠨ ᠳᠤᠷ ᠨᠥᠵᠢ ᠠᠳᠬᠤᠨ ᠲᠥᠷᠥᠭᠰᠡᠨ ᠲᠡᠮᠦᠵᠢᠨ ᠨᠢᠳᠦᠨ᠎ᠡ ᠭᠠᠯᠲᠠᠢ᠂       ᠠᠤᠭ᠎ᠠ ᠬᠠᠭᠠᠨ ᠤ ᠰᠢᠨᠵᠢ ᠲᠣᠳᠣᠷᠠᠭᠰᠠᠨ ᠢ ᠳᠡᠯᠡᠬᠡᠢ ᠳᠤᠷ ᠠᠩᠬ᠎ᠠ ᠲᠤᠩᠬᠠᠭᠯᠠᠪᠠ᠃   6᠂   ᠪᠡᠷᠢ ᠭᠤᠶᠤᠭᠠᠳ ᠪᠤᠴᠠᠬᠤ ᠵᠠᠮ ᠲᠠᠭᠠᠨ ᠶᠢᠰᠦᠭᠡᠢ ᠲᠠᠲ᠋ᠠᠷ ᠲᠤᠷ ᠤᠶᠢᠰᠤᠯᠠᠭᠳᠠᠪᠠ᠂       ᠪᠢᠯᠡᠭᠦᠷ ᠬᠡᠰᠢᠭ ᠠᠴᠠ ᠬᠤᠵᠢᠮᠳᠠᠭᠰᠠᠨ ᠥᠭᠡᠯᠤᠨ ᠠᠮᠪᠠᠭᠠᠢ ᠶᠢᠨ ᠬᠠᠲᠤᠨ᠎ᠠ ᠵᠢᠮᠡᠯᠡᠭᠳᠡᠪᠡ᠃       ᠪᠡᠯᠪᠡᠰᠦᠨ ᠡᠬᠡᠨᠡᠷ ᠥᠨᠥᠴᠢᠨ ᠬᠡᠦᠬᠡᠳ ᠨᠤᠲᠤᠭ ᠤᠨ ᠣᠷᠬᠢᠳᠠᠰᠤ ᠪᠣᠯᠪᠠ᠂       ᠪᠡᠭᠲᠡᠷ ᠢ ᠠᠯᠠᠭᠰᠠᠨ ᠶᠠᠯ᠎ᠠ ᠨᠢᠭᠦᠯ ᠢᠶᠠᠷ ᠲᠡᠮᠦᠵᠢᠨ ᠵᠠᠷᠪᠢᠶᠠᠯ᠎ᠠ ᠬᠦᠯᠢᠭᠳᠡᠪᠡ᠃         7᠂   ᠲᠠᠷᠭᠤᠲᠠᠢ ᠬᠢᠷᠢᠯᠳᠤᠭ ᠲᠡᠮᠦᠵᠢᠨ ᠢ ᠪᠠᠷᠢᠵᠤ ᠪᠤᠬᠠᠭᠤ ᠵᠡᠭᠦᠯᠭᠡᠨ ᠵᠠᠰᠠᠭᠯᠠᠭᠰᠠᠨ᠂       ᠲᠠᠩᠰᠤᠭ ᠨᠠᠶᠢᠷ ᠬᠥᠬᠦᠭᠡ ᠰᠠᠷ᠎ᠠ ᠶᠢᠨ ᠲᠡᠷᠭᠡᠯ ᠡᠳᠦᠷ ᠶᠠᠪᠤᠭᠳᠠᠭᠰᠠᠨ᠃       ᠲᠠᠷᠬᠠᠭᠤᠯᠤᠨ ᠪᠠᠷᠠᠵᠤ ᠠᠯᠳᠠᠭᠤᠯᠤᠨ ᠳᠤᠲᠠᠭᠠᠵᠤ ᠨᠤᠩᠭᠠᠰᠤᠨ ᠲᠡᠷᠭᠡᠨ ᠳᠤᠷ ᠨᠢᠭᠤᠭᠳᠠᠭᠰᠠᠨ᠂       ᠲᠠᠶᠢᠴᠢᠭᠤᠳ ᠤᠨ ᠭᠠᠷ ᠠᠴᠠ ᠰᠤᠷᠬᠠᠨ ᠰᠢᠷ᠎ᠠ ᠲᠡᠮᠦᠵᠢᠨ ᠬᠥᠪᠡᠭᠦᠨ ᠢ ᠠᠪᠤᠷᠠᠭᠰᠠᠨ᠃  8  ᠂  ᠨᠠᠢᠮᠠᠨ ᠰᠢᠷᠭ᠎ᠠ ᠶᠢᠨ ᠬᠤᠶᠢᠨ᠎ᠠ ᠠᠴᠠ ᠨᠡᠬᠡᠨ ᠮᠣᠩᠳᠠᠨᠢᠨ ᠣᠳᠬᠤᠢ ᠦᠶᠡᠰ᠂         ᠨᠠᠬᠤ ᠪᠠᠶᠠᠨ ᠤ ᠭᠠᠭᠴᠠ ᠬᠥᠪᠡᠭᠦᠨ ᠯᠤᠭ᠎ᠠ ᠠᠩᠬ᠎ᠠ ᠠᠭᠤᠯᠵᠠᠨ ᠲᠠᠨᠢᠯᠴᠠᠭᠰᠠᠨ᠃       ᠨᠠᠮᠪᠠᠭ᠎ᠠ ᠰᠠᠭᠤᠯᠠᠭ᠎ᠠ ᠪᠠᠨ ᠪᠣᠭᠤᠵᠤ ᠲᠠᠯᠪᠢᠭᠠᠳ ᠪᠣᠭᠤᠷᠴᠤ ᠲᠡᠮᠦᠵᠢᠨ ᠳᠤᠷ ᠨᠦᠬᠦᠴᠡᠨ᠂         ᠨᠠᠷᠠᠨ ᠤ ᠭᠠᠯᠲᠠᠢ ᠳᠤᠷ ᠠᠭᠲᠠ ᠪᠠᠨ ᠲᠠᠭᠤᠵᠤ ᠨᠠᠰᠤᠨ ᠲᠤᠷᠰᠢ ᠨᠠᠶᠢᠵᠠᠯᠠᠭᠰᠠᠨ᠃ 9  ᠂  ᠣᠩᠭᠢᠷᠠᠳ ᠬᠤᠩᠭᠢᠷᠠᠳ ᠠᠴᠠ ᠥᠬᠢᠨ ᠬᠦᠷᠭᠡᠵᠦ ᠴᠣᠳᠤᠨ ᠰᠢᠳᠭᠦᠯ ᠠᠪᠴᠢᠷᠠᠪᠠᠰᠤ᠂       ᠥᠨᠳᠡᠭᠡᠨ ᠰᠦᠢᠲᠦ ᠪᠠᠨ ᠲᠡᠮᠦᠵᠢᠨ ᠪᠣᠭᠳᠠᠯᠠᠨ ᠭᠠᠯ ᠭᠤᠯᠤᠮᠲᠠ ᠪᠠᠨ ᠪᠠᠳᠠᠷᠠᠭᠠᠪᠠ᠃       ᠤᠩ ᠬᠠᠨ ᠲᠣᠭᠤᠷᠢᠯ ᠢ ᠡᠴᠢᠭᠡ ᠳᠠᠭᠤᠳᠠᠨ ᠪᠣᠯᠠᠭᠠᠨ ᠳᠠᠬᠤ ᠪᠠᠨ ᠡᠮᠦᠰᠭᠡᠪᠡᠰᠦ᠂         ᠣᠯᠠᠨ ᠢᠷᠭᠡᠨ ᠬᠠᠮᠤᠭ ᠤᠯᠤᠰ ᠢ ᠴᠢᠨᠦ ᠪᠦᠭᠦᠳᠭᠡᠵᠦ ᠬᠠᠮᠲᠤᠳᠬᠠᠵᠤ ᠥᠭᠰᠦ ᠬᠡᠮᠡᠪᠡ᠃    10  ᠂ ᠡᠮᠡᠭᠡᠨ ᠬᠤᠸᠠᠭᠴᠢᠨ ᠰᠣᠯᠤᠩᠭ᠎ᠠ ᠪᠣᠯᠵᠤ ᠰᠣᠨᠣᠰᠤᠭᠰᠠᠨ ᠤ ᠠᠴᠢ ᠪᠠᠷ ᠲᠡᠮᠦᠵᠢᠨ᠂       ᠡᠷᠢᠶᠡᠨ ᠮᠣᠭᠠᠢ ᠰᠢᠷᠭᠤᠪᠠᠰᠤ ᠪᠡᠷᠬᠡ ᠰᠢᠭᠤᠢ ᠳᠤᠷ ᠳᠤᠲᠠᠭᠠᠨ ᠣᠷᠣᠵᠤᠬᠤᠢ᠃       ᠡᠴᠢᠭᠡ ᠶᠢᠨ ᠦᠰᠢᠶ᠎ᠡ ᠶᠢ ᠬᠥᠪᠡᠭᠦᠨ ᠠᠴᠠ ᠡᠷᠢᠨ ᠮᠡᠷᠭᠢᠳ ᠪᠦᠷᠲᠡ ᠶᠢ ᠪᠤᠯᠢᠶᠠᠭᠰᠠᠨ᠎ᠠ᠂       ᠡᠮᠢᠶᠡᠨ ᠪᠣᠯᠵᠢᠪᠠᠰᠤ ᠠᠮᠢ ᠬᠠᠯᠬᠠᠯᠠᠭᠰᠠᠨ ᠪᠤᠷᠬᠠᠨ ᠬᠠᠯᠳᠤᠨ᠎ᠠ ᠮᠥᠷᠭᠦᠵᠦᠬᠦᠢ᠃ 11  ᠂ ᠡᠬᠡᠨᠡᠷ ᠢᠶᠠᠨ ᠠᠯᠳᠠᠭᠰᠠᠨ ᠡᠷ᠎ᠡ ᠶᠢᠨ ᠮᠣᠩ ᠳᠤᠷ ᠣᠩ ᠬᠠᠨ ᠠᠴᠠ ᠲᠤᠰᠠᠯᠠᠮᠵᠢ ᠡᠷᠢᠪᠡᠰᠦ᠂       ᠡᠷᠡᠯᠬᠡᠭ ᠵᠠᠮᠤᠬ᠎ᠠ ᠴᠡᠷᠢᠭ ᠳᠠᠶᠢᠴᠢᠯᠠᠨ ᠭᠤᠷᠪᠠᠨ ᠮᠡᠷᠭᠢᠳ ᠢ ᠳᠣᠪᠲᠤᠯᠪᠠ᠃       ᠡᠮ᠎ᠡ ᠬᠥᠪᠡᠭᠦᠪᠡᠨ ᠪᠠᠨ ᠲᠡᠮᠦᠵᠢᠨ ᠲᠠᠨᠢᠭᠠᠳ ᠡᠷᠢᠯ ᠢᠶᠠᠨ ᠣᠯᠵᠤ ᠪᠠᠶᠠᠰᠤᠭᠠᠳ᠂       ᠡᠴᠢᠭᠡ ᠲᠣᠭᠤᠷᠢᠯ ᠪᠠ ᠰᠡᠴᠡᠨ ᠠᠨᠳᠠ ᠪᠠᠨ ᠮᠠᠰᠢ ᠶᠡᠬᠡᠳᠡ ᠪᠢᠰᠢᠷᠡᠪᠡ᠃   12᠂ ᠬᠤᠷᠬᠤᠨᠠᠭ ᠵᠤᠪᠤᠷ᠎ᠠ ᠨᠡᠶᠢᠯᠡᠨ ᠪᠠᠭᠤᠭᠠᠳ ᠲᠡᠮᠦᠵᠢᠨ ᠵᠠᠮᠤᠬ᠎ᠠ ᠬᠤᠶᠠᠷ᠂       ᠬᠤᠶᠠᠷᠲᠠ ᠠᠨᠳᠠ ᠪᠣᠯᠣᠭᠰᠠᠨ ᠢᠶᠠᠨ ᠳᠤᠷᠠᠳᠤᠨ ᠠᠨᠳᠠ ᠲᠤᠩᠬᠤᠯᠳᠤᠨ ᠠᠮᠠᠷᠠᠯᠳᠤᠪᠠ᠃       ᠬᠤᠨᠢᠴᠢᠨ ᠠᠯᠴᠤᠭ᠎ᠠ ᠬᠡᠮᠡᠭᠰᠡᠨ ᠦᠭᠡᠨ ᠳᠤᠷ ᠰᠥᠨᠢ ᠳᠥᠯᠢᠨ ᠨᠡᠭᠦᠭᠡᠳ᠂       ᠬᠤᠲᠠᠯᠠ ᠮᠣᠩᠭᠤᠯ ᠲᠠᠶᠢᠴᠢᠭᠤᠳ ᠤᠨ ᠳᠡᠭᠡᠷ᠎ᠡ ᠠᠬᠠᠯᠠᠭᠴᠢ ᠬᠠᠭᠠᠨ ᠪᠣᠯᠤᠭᠰᠠᠨ᠃  13᠂ ᠬᠤᠷᠴᠢ ᠢᠷᠡᠵᠦ ᠵᠠᠭᠠᠷᠢᠨ ᠤ ᠪᠣᠱᠤᠭ ᠢ ᠬᠤᠷᠠᠭᠰᠠᠨ ᠣᠯᠠᠨ᠎ᠠ ᠨᠡᠶᠢᠲᠡᠯᠡᠨ᠂       ᠬᠤᠴᠠᠷ ᠠᠯᠲᠠᠨ ᠲᠡᠷᠢᠭᠦᠲᠡᠨ ᠠᠨᠳᠠᠭᠠᠶᠢᠯᠠᠨ ᠲᠡᠮᠦᠵᠢᠨ ᠢ ᠬᠠᠨ ᠡᠷᠭᠦᠪᠡ᠃      ᠬᠤᠷᠠᠯᠳᠠᠢ ᠳᠤᠷ ᠣᠷᠣᠯᠴᠠᠭᠰᠠᠨ ᠲᠠᠯ᠎ᠠ ᠶᠢᠨ ᠢᠵᠠᠭᠤᠷᠲᠠᠨ ᠲᠠᠶᠢᠴᠢᠭᠤᠳ ᠮᠣᠩᠭᠤᠯ ᠨᠢᠭᠡᠳᠴᠦ᠂       ᠬᠤᠲᠠᠯᠠᠭᠠᠷ ᠠᠮᠠᠯᠳᠤᠨ ᠴᠢᠩᠭᠢᠰ ᠬᠠᠭᠠᠨ ᠤ ᠵᠠᠷᠯᠢᠭ ᠢ ᠳᠠᠭᠠᠰᠤᠭᠠᠢ ᠬᠡᠮᠡᠯᠴᠡᠪᠠ᠃  14᠂ ᠲᠠᠶᠢᠴᠠᠷ ᠳᠡᠭᠦᠦ ᠶᠢᠨ ᠬᠡᠷᠡᠭ ᠢ ᠨᠡᠬᠡᠮᠵᠢᠯᠡᠨ ᠵᠠᠮᠤᠬ᠎ᠠ ᠴᠢᠩᠭᠢᠰ ᠲᠤᠷ ᠴᠡᠷᠢᠭᠯᠡᠭᠡᠳ᠂       ᠲᠠᠶᠢᠴᠢᠭᠤᠳ ᠮᠣᠩᠭᠤᠯ ᠭᠤᠷᠪᠠᠨ ᠲᠥᠮᠡᠨ ᠢ ᠵᠡᠷᠡᠨ᠎ᠡ ᠬᠠᠪᠴᠢᠭᠠᠶ᠎ᠠ ᠬᠤᠷᠭᠠᠪᠠ᠃         ᠲᠠᠯ᠎ᠠ ᠶᠢᠨ ᠢᠵᠠᠭᠤᠷᠲᠠᠨ ᠲᠠᠩᠭᠠᠷᠢᠭ ᠢᠶᠠᠨ ᠥᠭᠴᠦ ᠰᠠᠶ᠋ᠢᠬᠠᠨ ᠨᠢᠭᠡᠳᠴᠦ ᠠᠲᠠᠯ᠎ᠠ᠂       ᠲᠠᠩᠭᠠᠷᠢᠭ ᠠᠴᠠ ᠲᠡᠷᠰᠯᠠᠨ ᠴᠢᠩᠭᠢᠰ ᠬᠠᠭᠠᠨ ᠤ ᠵᠠᠷᠯᠢᠭ ᠢ ᠡᠰᠡ ᠳᠠᠭᠠᠪᠠ᠃   15᠂ ᠬᠤᠯᠠ ᠤᠶᠢᠷ᠎ᠠ ᠶᠢᠨ ᠬᠤᠪᠤᠩ ᠲᠥᠷᠥᠯ ᠴᠢᠩᠬᠢᠰ ᠢ ᠵᠤᠷᠢᠨ ᠢᠷᠡᠭᠰᠡᠨ᠎ᠡ᠂       ᠬᠤᠷᠢᠮᠯᠠᠬᠤ ᠶᠢᠨ ᠵᠠᠭᠤᠷ᠎ᠠ ᠵᠦᠷᠬᠢᠨ ᠬᠡᠷᠡᠯᠳᠦᠵᠦ ᠡᠶ᠎ᠡ ᠪᠠᠰᠠ ᠡᠪᠳᠡᠷᠡᠯᠴᠡᠪᠡ᠃       ᠬᠤᠷᠢᠵᠢᠨ ᠬᠤᠭᠤᠷᠴᠢᠨ ᠵᠢᠷᠢᠨ ᠬᠠᠲᠤᠨ ᠪᠠᠭᠤᠷᠴᠢ ᠰᠢᠭᠢᠭᠦᠷ ᠢ ᠠᠱᠭᠢᠵᠤ᠂       ᠬᠤᠷᠢᠮ ᠵᠠᠰᠠᠭᠰᠠᠨ ᠪᠡᠯᠭᠦᠳᠡᠢ ᠶᠢᠨ ᠮᠦᠷᠦ ᠶᠢ ᠪᠦᠷᠢ ᠬᠠᠩᠬᠠᠰ ᠴᠠᠪᠴᠢᠪᠠ᠃  17᠂ ᠵᠠᠬᠤᠳ ᠢᠷᠭᠡᠨ ᠤ ᠠᠯᠲᠠᠨ ᠬᠠᠭᠠᠨ ᠢ ᠲᠠᠲ᠋ᠠᠷ ᠡᠰᠡ ᠪᠢᠰᠢᠷᠡᠭᠰᠡᠨ ᠳᠤᠷ᠂       ᠵᠠᠨᠤᠵᠤ ᠰᠥᠨᠥᠭᠡᠷ᠎ᠡ ᠴᠡᠷᠢᠭ ᠡᠭᠦᠰᠭᠡᠨ ᠣᠩᠭᠢᠩ ᠴᠢᠩᠰᠠᠩ ᠢᠷᠡᠭᠰᠡᠨ ᠳᠤᠷ᠂       ᠵᠠᠪᠰᠠᠷ ᠡᠷᠢᠨ ᠣᠩᠭᠢᠩ ᠢ ᠬᠠᠮᠵᠢᠨ ᠮᠡᠭᠦᠵᠢᠨ ᠰᠡᠭᠦᠯᠲᠤ ᠶᠢ ᠤᠰᠠᠳᠬᠠᠵᠤ᠂       ᠴᠠᠭᠤᠳ ᠬᠤᠷᠢ ᠨᠡᠷ᠎ᠡ ᠥᠭᠲᠡᠵᠦ ᠴᠢᠩᠭᠢᠰ ᠤᠨ ᠡᠷᠬᠡ ᠬᠦᠴᠦᠨ ᠶᠡᠬᠡᠳᠪᠡ᠃   16᠂ ᠥᠬᠢᠨ ᠪᠠᠷᠬᠠᠭ ᠠᠮᠪᠠᠭᠠᠢ ᠲᠡᠷᠢᠭᠦᠲᠡᠨ ᠤ ᠬᠤᠷᠤᠰᠤᠯ ᠢ ᠴᠠᠭᠠᠳᠬᠠᠬᠤ ᠶᠢᠨ ᠲᠤᠯᠠᠳᠠ᠂      ᠦᠰᠢᠶᠡᠲᠡᠨ ᠲᠠᠲ᠋ᠠᠷ ᠡᠪᠦᠭᠡᠰ ᠢ ᠪᠠᠷᠠᠭᠰᠠᠳ ᠲᠠ ᠬᠠᠮᠰᠠᠨ ᠮᠣᠷᠢᠯᠠᠶ᠎ᠠ ᠬᠡᠮᠡᠭᠰᠡᠨ ᠳᠤᠷ  ᠂      ᠦᠯᠦ ᠪᠣᠯᠤᠨ ᠥᠰᠲᠡᠨ ᠳᠤᠷ ᠰᠢᠬᠠᠭᠰᠠᠨ ᠰᠠᠴᠠ ᠲᠠᠶᠢᠴᠤ ᠶᠢ ᠪᠦᠲᠡᠭᠡᠵᠦ᠂      ᠦᠭᠡ ᠶᠢ ᠮᠡᠳᠡᠷᠡᠭᠦᠯᠦᠨ ᠤᠯᠤᠰ ᠤᠨ ᠪᠥᠬᠡ ᠪᠦᠷᠢ ᠶᠢᠨ ᠨᠢᠷᠤᠭᠤ ᠶᠢ ᠬᠤᠭᠤᠯᠪᠠ᠃   18᠂ ᠠᠷᠪᠠᠨ ᠬᠤᠶᠠᠷ ᠠᠶᠢᠮᠠᠭ ᠬᠠᠷᠢᠰ ᠠᠯᠬᠤᠢ ᠪᠤᠯᠠᠭ ᠲᠤᠷ ᠨᠡᠶᠢᠯᠠᠨ᠂        ᠠᠵᠢᠷᠭ᠎ᠠ ᠭᠡᠭᠦᠦ ᠬᠡᠭᠦᠰ ᠴᠠᠪᠴᠢᠨ ᠵᠠᠮᠤᠬ᠎ᠠ ᠶᠢ ᠭᠦᠷ ᠬᠠᠨ ᠪᠣᠯᠭᠠᠪᠠᠢ᠃      ᠠᠨᠳᠠᠭᠠᠯᠳᠤᠵᠤ  ᠪᠦᠷᠦᠨ ᠴᠢᠩᠭᠢᠰ ᠲᠣᠭᠤᠷᠢᠯ ᠬᠤᠶᠠᠷ ᠲᠤᠷ ᠳᠠᠬᠢᠨᠲᠠ ᠮᠣᠷᠢᠯᠠᠪᠠᠴᠤ᠂      ᠠᠪᠬ᠎ᠠ ᠲᠡᠭᠷᠢ ᠳ᠋ᠡ ᠦᠯᠦ ᠲᠠᠭᠠᠯᠠᠭᠳᠠᠨ ᠵᠦᠭ ᠪᠦᠷᠢ ᠪᠤᠲᠠᠷᠠᠪᠠ᠃   19᠂ ᠲᠦᠨᠡᠷ ᠬᠠᠷᠠᠩᠭᠤᠢ ᠶᠢᠨ ᠳᠤᠮᠳᠠ ᠲᠡᠯᠴᠢᠯᠡᠭᠰᠡᠳ ᠭᠡᠷᠡᠯ ᠭᠡᠭᠡ ᠶᠢ ᠲᠡᠮᠡᠦᠯᠡᠬᠦ᠂      ᠲᠥᠪᠰᠢᠨ ᠠᠮᠤᠭᠤᠯᠠᠩ ᠠᠮᠢᠳᠤᠷᠠᠯ ᠢ ᠬᠥᠰᠡᠬᠦ ᠬᠦᠮᠦᠨ ᠪᠦᠬᠦᠨ ᠤ ᠡᠷᠡᠮᠡᠯᠵᠡᠯ᠃      ᠲᠦᠮᠡᠨ ᠠᠷᠠᠳ ᠤᠨ ᠰᠡᠳᠬᠢᠯ ᠢ ᠣᠯᠵᠤ ᠴᠢᠩᠬᠢᠰ ᠤᠨ ᠬᠦᠴᠦᠨ ᠪᠤᠵᠠᠭᠠᠶᠢᠷᠠᠨ᠂      ᠲᠦᠷᠤ ᠶᠢ ᠲᠤᠰᠠᠯᠠᠬᠤ ᠲᠦᠰᠢᠮᠡᠯ ᠨᠤᠶᠠᠳ ᠴᠣᠪᠣᠷᠢᠨ ᠢᠷᠡᠵᠦ ᠴᠤᠭᠯᠠᠷᠠᠪᠠ᠃  20᠂ ᠲᠠᠶᠢᠴᠢᠭᠤᠳ ᠢ ᠲᠠᠭᠤᠯᠢᠵᠤ ᠦᠰᠲᠡᠨ ᠢ ᠬᠢᠲᠤᠭᠠᠳ ᠦᠯᠡᠭᠰᠡᠨ ᠤᠯᠤᠰ ᠢ ᠣᠷᠣᠭᠤᠯᠪᠠ᠂      ᠲᠠᠷᠭᠤᠲᠠᠢ ᠶᠢ ᠲᠠᠯᠪᠢᠭᠠᠳ ᠰᠢᠷᠭᠦᠭᠡᠲᠦ ᠡᠪᠦᠭᠡᠨ ᠬᠥᠪᠡᠭᠦᠳ ᠢᠶᠠᠨ ᠳᠠᠭᠠᠭᠤᠯᠵᠤ ᠢᠷᠡᠪᠡ᠃      ᠳᠡᠶᠢᠯᠦᠭᠰᠡᠨ ᠡᠷᠴᠢᠨ ᠳᠤ ᠲᠠᠲ᠋ᠠᠷ ᠢ ᠮᠤᠬᠤᠭᠠᠨ ᠴᠢᠭᠦᠨ ᠳᠤᠷ ᠦᠯᠢᠵᠦ ᠮᠥᠭᠡᠷᠢᠭᠦᠯᠦᠭᠡᠳ᠂      ᠳᠡᠬᠡᠳᠤᠰ ᠤᠨ ᠥᠰ ᠬᠢᠰ ᠢ ᠠᠪᠤᠭᠠᠳ ᠲᠡᠯᠡᠭᠡᠢ ᠳᠠᠬᠢᠨ᠎ᠠ ᠠᠯᠳᠠᠷᠰᠢᠪᠠ᠃  21᠂ ᠵᠢᠰᠦᠷ ᠦᠭᠡᠲᠦ ᠵᠠᠮᠤᠬ᠎ᠠ ᠶᠢ ᠢᠲᠡᠭᠡᠵᠦ ᠵᠡᠷᠭᠡᠯᠡᠭᠰᠡᠨ ᠪᠠᠶᠢᠳᠠᠯ ᠠᠴᠠ ᠣᠷᠭᠤᠨ᠂      ᠵᠡᠪᠡᠯᠡᠨ ᠨᠡᠬᠡᠭᠴᠢ ᠰᠠᠪᠷᠠᠭ᠎ᠠ ᠤᠤᠯᠭᠠᠯᠠᠭᠳᠠᠨ ᠬᠡᠷᠡᠶᠢᠳ ᠴᠡᠷᠢᠭ ᠢᠯᠠᠭᠳᠠᠭᠰᠠᠨ᠃      ᠵᠢᠭᠠᠨ ᠳᠥᠷᠪᠡᠨ ᠬᠦᠯᠦᠭ ᠢᠶᠠᠨ ᠢᠯᠡᠭᠡᠵᠦ ᠲᠦᠷᠭᠡᠨ᠎ᠡ ᠠᠪᠤᠷᠠᠮᠤ ᠬᠡᠮᠡᠭᠰᠡᠨ᠎ᠡ᠂        ᠵᠠᠯᠢᠬᠠᠢ ᠰᠡᠳᠬᠢᠯ ᠦᠯᠦ ᠡᠪᠦᠷᠯᠡᠨ ᠰᠡᠩᠭᠦᠮ ᠨᠠᠷ ᠢ ᠲᠡᠩᠬᠡᠷᠡᠭᠦᠯᠪᠡ᠃   22᠂ ᠡᠯᠢᠭᠡ ᠦᠮᠡᠬᠡᠢ ᠲᠣᠭᠤᠷᠢᠯ ᠬᠠᠨ ᠡᠷᠲᠡᠨ ᠤ ᠨᠠᠶᠢᠷ ᠢ ᠳᠤᠷᠠᠳᠴᠤ᠂      ᠡᠷᠬᠡ ᠦᠭᠡᠭᠦᠶ᠎ᠡ ᠲᠡᠮᠤᠵᠢᠨ ᠳᠤᠷ ᠲᠠᠯᠠᠷᠬᠠᠨ ᠡᠴᠢᠭᠡ ᠬᠦᠪᠡᠭᠦᠨ ᠪᠣᠯᠤᠯᠴᠠᠪᠠ᠃      ᠠᠮᠠᠷᠠᠭ ᠳᠡᠭᠡᠷ᠎ᠡ ᠠᠮᠠᠷᠠᠭ ᠪᠣᠯᠤᠷ᠎ᠠ ᠠᠷᠠᠯᠵᠢᠶ᠎ᠠ ᠤᠷᠤᠭ ᠢ ᠳᠤᠷᠠᠳᠤᠭᠰᠠᠨ᠎ᠠ᠂      ᠠᠯᠠᠭᠤᠨ ᠬᠤᠶᠢᠮᠣᠷ ᠠᠳᠬᠠᠭ ᠪᠣᠳᠣᠯᠲᠠᠨ ᠠᠷᠠᠭᠠᠲᠤ ᠮᠣᠭᠠᠶ᠎ᠠ ᠠᠳᠠᠷᠳᠠᠪᠠ᠃  23᠂ ᠠᠮᠠᠲᠤ ᠬᠡᠯᠡᠲᠦ ᠬᠦᠮᠦᠨ ᠤ ᠦᠭᠡ ᠠᠷᠠᠭᠠᠲᠤ ᠮᠣᠭᠠᠢ ᠶᠢᠨ ᠠᠳᠠᠷᠭᠠᠨ᠂      ᠠᠷᠭ᠎ᠠ ᠵᠠᠯᠢᠲᠤ ᠵᠠᠮᠤᠬ᠎ᠠ ᠶᠢ ᠢᠲᠡᠭᠡᠵᠦ ᠬᠦᠨᠳᠡᠯᠡᠨ ᠬᠦᠮᠦᠨ᠎ᠡ ᠬᠥᠬᠢᠭᠦᠯᠳᠡᠪᠡ᠃      ᠠᠨᠳᠠ ᠲᠡᠮᠤᠵᠢᠨ ᠢ ᠬᠤᠤᠷᠯᠠᠬᠤ ᠪᠠᠷ ᠬᠤᠤᠪᠢᠯᠳᠤᠭᠰᠠᠨ ᠰᠡᠩᠭᠦᠮ ᠲᠡᠨᠡᠭ ᠤᠨ ᠲᠤᠶᠢᠯ᠂      ᠠᠳᠤᠭᠤᠴᠢᠨ ᠪᠠᠳᠠᠢ ᠬᠢᠱᠯᠢᠭ᠋ ᠬᠤᠶᠠᠷ ᠴᠢᠩᠭᠢᠰ ᠲᠤᠷ ᠴᠢᠮᠡᠭᠡ ᠬᠦᠷᠭᠡᠪᠡ᠃  24᠂ ᠬᠡᠯᠡ ᠪᠠᠷ ᠠᠮᠠ ᠪᠠᠷ ᠬᠡᠯᠡᠯᠴᠡᠨ ᠣᠯᠣᠯᠴᠠᠶ᠎ᠠ ᠬᠡᠮᠡᠭᠰᠡᠨ ᠦᠭᠡ ᠪᠠᠨ ᠤᠮᠠᠷᠲᠠᠨ᠂      ᠬᠡᠷᠡᠶᠢᠳ ᠮᠣᠩᠭᠤᠯ ᠮᠠᠭᠤ ᠦᠨᠳᠦᠷ᠎ᠡ ᠬᠡᠴᠡᠭᠦᠤ ᠪᠠᠶᠢᠯᠳᠤᠭᠠᠨ ᠪᠤᠯᠪᠠ᠃      ᠬᠡᠲᠦᠷᠬᠡᠢ ᠪᠠᠭᠠᠲᠤᠷ ᠮᠠᠩᠭᠤᠳ ᠤᠷᠤᠭᠤᠳ ᠵᠢᠷᠭᠢᠨ ᠲᠥᠪᠡᠭᠡᠨ ᠢ ᠳᠠᠷᠤᠪᠠᠴᠤ᠂      ᠬᠡᠨ ᠠᠯᠢᠨ ᠴᠤ ᠬᠤᠣᠷ ᠠᠮᠰᠠᠨ ᠬᠤᠶᠠᠷ ᠲᠠᠯ᠎ᠠ ᠬᠤᠬᠢᠷᠠᠪᠠ᠃  25᠂ ᠮᠠᠩᠭᠤᠳ ᠬᠤᠶᠢᠯᠳᠠᠷ ᠭᠥᠷᠥᠭᠡᠰᠦᠨ᠎ᠡ ᠠᠪᠠᠯᠠᠨ ᠶᠠᠷᠠᠰ ᠥᠭᠲᠡᠷᠡᠨ ᠨᠥᠭᠴᠢᠪᠡ᠂      ᠮᠠᠰᠢ ᠲᠠᠴᠢᠶᠠᠭᠰᠠᠨ ᠴᠢᠩᠭᠢᠰ ᠬᠠᠭᠠᠨ ᠴᠢᠮᠠᠷ ᠤᠨ ᠶᠣᠰᠤᠨ ᠢ ᠠᠰᠠᠭᠤᠪᠠ᠃      ᠮᠠᠭᠤ ᠬᠥᠪᠡᠭᠦᠳ ᠮᠠᠭᠤ ᠪᠡᠷᠢᠨᠡᠳ ᠢᠶᠠᠨ ᠶᠠᠮᠪᠠᠷ ᠤᠴᠢᠷ᠎ᠠ ᠠᠶᠤᠭᠤᠯᠪᠠ ᠲᠠ᠂      ᠮᠠᠭᠤᠷᠠᠲᠠᠯ᠎ᠠ ᠬᠡᠯᠡᠭᠳᠡᠭᠰᠡᠨ ᠲᠣᠭᠤᠷᠢᠯ ᠬᠠᠭᠠᠨ ᠬᠤᠷᠤᠭᠤᠨ ᠳᠤᠷ ᠬᠢᠲᠤᠭ᠎ᠠ ᠰᠢᠭᠠᠪᠠ᠃  26᠂ ᠠᠶᠤᠯᠲᠤ ᠳᠠᠶᠢᠨ ᠰᠠᠮᠠᠭᠤᠨ ᠳᠠᠵᠢᠨ ᠢ ᠡᠷᠦᠰᠦᠨ ᠬᠤᠷᠢᠭᠤᠯ ᠠᠴᠠ ᠮᠣᠯᠲᠣᠷᠢᠨ᠂      ᠠᠬ᠎ᠠ ᠲᠡᠮᠦᠵᠢᠨ ᠢ ᠬᠠᠰᠠᠷ ᠡᠷᠢᠭᠰᠡᠭᠡᠷ ᠪᠠᠯᠵᠤᠨ᠎ᠠ ᠠᠷᠠᠯ᠎ᠠ ᠵᠣᠯᠭᠠᠪᠠ᠃      ᠠᠷᠭ᠎ᠠ ᠬᠡᠷᠡᠭᠯᠡᠨ ᠠᠷᠭᠠᠯ ᠭᠡᠦᠬᠢ ᠳᠤᠷ ᠪᠣᠯᠵᠠᠯᠳᠤᠶ᠎ᠠ ᠬᠡᠮᠡᠨ ᠬᠠᠭᠤᠷᠴᠦ᠂      ᠠᠯᠲᠠᠨ ᠲᠡᠷᠮ᠎ᠡ ᠶᠢ ᠪᠦᠴᠢᠨ ᠪᠠᠶᠢᠯᠳᠤᠭᠠᠳ ᠬᠡᠷᠡᠶᠢᠳ ᠢᠷᠭᠡᠨ ᠢ ᠳᠣᠷᠣᠶᠢᠲᠠᠭᠤᠯᠪᠠ᠃  27᠂ ᠡᠵᠡᠨ ᠢᠶᠠᠨ ᠬᠠᠮᠠᠭᠠᠯᠠᠨ ᠬᠠᠳᠠᠭ ᠪᠭᠠᠲᠤᠷ ᠭᠤᠷᠪᠠᠨ ᠡᠳᠦᠷ ᠲᠤᠯᠤᠯᠳᠤᠭᠰᠠᠨ᠂      ᠡᠩᠭᠡᠰᠭᠡ ᠬᠠᠴᠠᠷᠲᠤ ᠨᠢᠯᠬ᠎ᠠ ᠰᠡᠩᠭᠦᠮ ᠢᠯᠤᠭᠠᠲᠤᠭᠰᠠᠨ ᠬᠤᠯᠠᠨ ᠢ ᠮᠠᠷᠢᠶᠠᠭᠰᠠᠨ᠃      ᠡᠪᠦᠭᠡᠨ ᠬᠠᠨ ᠤ ᠲᠡᠷᠢᠭᠦᠨ ᠢ ᠲᠠᠶᠢᠭᠠᠳ ᠭᠡᠳᠡᠷᠭᠦ ᠬᠡᠮᠬᠡᠷᠦ ᠬᠢᠰᠬᠢᠯᠡᠭᠰᠡᠨ᠂      ᠡᠮ᠎ᠡ ᠲᠠᠶᠠᠩ ᠡᠷᠳᠡᠮ ᠮᠡᠭᠦᠰ ᠮᠣᠩᠭᠤᠯ ᠳᠤᠷ ᠴᠡᠷᠢᠭᠯᠡᠷ᠎ᠡ ᠰᠢᠢᠲᠦᠭᠰᠡᠨ᠃    28᠂ ᠨᠠᠭᠤᠷ ᠪᠠᠶᠢᠲᠤ ᠰᠢᠭᠦᠴᠢ ᠬᠠᠳᠬᠤᠯᠳᠤᠭ᠎ᠠ ᠮᠣᠩᠭᠤᠯ ᠴᠡᠷᠢᠭ ᠳᠣᠪᠲᠤᠯᠪᠠᠢ᠂        ᠨᠠᠩᠰᠢᠶ᠎ᠠ ᠵᠠᠩᠲᠠᠢ ᠪᠠᠶᠠᠨ ᠪᠤᠬ᠎ᠠ ᠶᠢ ᠵᠠᠮᠤᠬ᠎ᠠ ᠦᠭᠡ ᠪᠠᠷ ᠦᠬᠦᠭᠦᠯᠪᠡᠢ᠃      ᠨᠠᠬᠤ ᠬᠤᠨ ᠳᠤᠷ ᠨᠠᠷᠠᠨ ᠰᠢᠩᠭᠡᠵᠦ ᠲᠠᠶᠠᠩ ᠬᠠᠨ ᠪᠠᠷᠢᠭᠳᠠᠪᠠᠢ᠂      ᠨᠠᠢᠮᠠᠨ ᠤᠯᠤᠰ ᠢ ᠠᠯᠲᠠᠢ ᠳᠤᠷ ᠮᠣᠬᠤᠭᠠᠵᠤ ᠭᠦᠷᠪᠡᠰᠦ ᠬᠠᠲᠤᠨ ᠢ ᠣᠯᠵᠠᠯᠠᠪᠠᠢ᠃     29᠂ ᠵᠠᠪᠰᠢᠭᠴᠢ ᠠᠪᠤᠷᠢᠲᠦ ᠭᠦᠷ ᠬᠠᠨ ᠲᠠᠪᠤᠨ ᠨᠥᠬᠦᠳ ᠲᠡᠭᠡᠨ ᠪᠠᠷᠢᠭᠳᠠᠪᠠ᠂      ᠵᠠᠶᠠᠭᠠᠲᠤ ᠡᠵᠡᠨ ᠴᠢᠩᠭᠢᠰ ᠬᠠᠭᠠᠨ᠎ᠠ ᠵᠠᠳᠠᠷᠠᠨ ᠠᠶᠢᠮᠠᠭ ᠣᠷᠣᠵᠣ ᠥᠭᠪᠡ᠃      ᠵᠠᠮᠤᠬ᠎ᠠ ᠶᠢᠨ ᠶᠠᠰᠤ ᠶᠢ ᠦᠨᠳᠦᠷ᠎ᠡ ᠲᠠᠯᠪᠢᠵᠤ ᠵᠠᠬ᠎ᠠ ᠶᠢᠨ ᠪᠥᠭᠡᠰᠦᠨ ᠢ ᠠᠷᠢᠯᠭᠠᠪᠠ᠂      ᠵᠠᠷᠯᠢᠭ ᠤᠨ ᠲᠠᠮᠠᠭᠠᠴᠢ ᠲᠠᠳᠠᠳᠤᠩᠭ᠎ᠠ ᠶᠢ ᠵᠠᠯᠠᠵᠤ ᠬᠥᠪᠡᠭᠦᠳ ᠲᠤᠷ ᠪᠠᠭᠰᠢᠯᠠᠭᠤᠯᠪᠠ᠃  30᠂ ᠬᠠᠲᠠᠭᠢᠨ ᠰᠠᠯᠵᠢᠭᠤᠳ ᠣᠯᠠᠨ ᠠᠶᠢᠮᠠᠭ ᠬᠤᠶᠢᠨ᠎ᠠ ᠬᠤᠶᠢᠨ᠎ᠠ ᠠᠴᠠ ᠪᠠᠭᠤᠵᠤ ᠥᠭᠪᠡ᠂      ᠬᠠᠮᠤᠭ ᠮᠤᠩᠭᠤᠯ ᠢ ᠡᠷᠬᠡ ᠲᠤᠷ ᠬᠤᠷᠢᠶᠠᠨ ᠰᠢᠰᠭᠡᠢ ᠲᠤᠭᠤᠷᠭᠠᠲᠠᠨ ᠢ ᠰᠢᠳᠤᠷᠭᠤᠳᠬᠠᠪᠠ᠃      ᠬᠠᠷ᠎ᠠ ᠴᠠᠭᠠᠨ ᠲᠤᠭ ᠢᠶᠠᠨ ᠪᠠᠶᠢᠭᠤᠯᠤᠭᠠᠳ ᠬᠠᠭᠠᠨ ᠰᠢᠷᠡᠭᠡᠨ ᠳᠤ ᠰᠠᠭᠠᠳᠠᠪᠠ᠂      ᠬᠠᠷᠢ ᠡᠯᠢᠭᠡᠨ ᠨᠡᠶᠢᠲᠡ ᠶᠢ ᠨᠢᠭᠡᠳᠭᠡᠵᠦ ᠡᠩᠬᠡ ᠨᠤᠳᠠ ᠵᠢᠷᠭᠠᠭᠤᠯᠪᠠ᠃   31᠂ ᠰᠦᠶᠦᠭᠡᠷ ᠦᠭᠦᠯᠡᠨ ᠰᠣᠶᠣᠷᠬᠠᠯ ᠥᠭᠴᠦ ᠭᠠᠪᠢᠶᠠᠲᠤ ᠰᠠᠶᠢᠳ ᠢᠶᠠᠨ ᠱᠠᠩᠨᠠᠭᠠᠳ᠂        ᠰᠦᠷ ᠬᠡᠰᠢᠭ ᠢ ᠬᠠᠮᠲᠤ ᠪᠠᠷ ᠵᠠᠷᠯᠠᠨ ᠡᠩᠬᠡ ᠲᠥᠷᠥ ᠶᠢ ᠲᠣᠭᠲᠠᠭᠠᠪᠠ᠃      ᠰᠦᠷᠭᠡᠦ ᠶᠢ ᠳᠠᠷᠤᠩᠭᠤᠶᠢᠯᠠᠨ ᠰᠣᠶᠣᠯ ᠢ ᠪᠠᠳᠠᠷᠠᠭᠤᠯᠵᠤ ᠵᠠᠰᠠᠭ ᠪᠢᠯᠢᠭ ᠢ ᠲᠤᠩᠬᠠᠭᠠᠳ᠂        ᠰᠦᠮ᠎ᠡ ᠣᠷᠳᠣᠨ ᠢ ᠵᠡᠷᠭᠡᠪᠡᠷ ᠪᠠᠶᠢᠭᠤᠯᠤᠨ ᠮᠥᠩᠬᠡ ᠶᠣᠰᠤ ᠶᠢ ᠤᠬᠠᠭᠤᠯᠪᠠ᠃   32᠂ ᠲᠥᠮᠡᠳ ᠤᠨ ᠮᠢᠩᠭᠠᠳ ᠤᠨ ᠨᠣᠶᠠᠳ ᠲᠣᠮᠢᠯᠠᠵᠤ ᠶᠠᠮᠤ ᠶᠣᠰᠤᠨ ᠢ ᠲᠣᠭᠲᠠᠭᠠᠭᠠᠳ᠂      ᠲᠦᠰᠢᠮᠡᠯ ᠤᠨ ᠲᠡᠷᠢᠭᠦᠨ ᠪᠣᠭᠤᠷᠴᠤ ᠮᠤᠬᠤᠯᠢ ᠳ᠋ᠡ ᠪᠡᠷᠡᠭᠤᠨ ᠵᠡᠭᠦᠨ ᠭᠠᠷ ᠢ ᠮᠡᠳᠡᠭᠦᠯᠪᠡ᠃      ᠲᠥᠷᠥ ᠰᠡᠳᠬᠢᠵᠦ ᠲᠤᠰᠠ ᠬᠢᠭᠰᠡᠳ ᠢ ᠶᠢᠰᠦᠨ ᠠᠯᠳᠠᠯ ᠠᠴᠠ ᠬᠡᠯᠳᠦᠷᠢᠭᠦᠯᠦᠭᠡᠳ᠂      ᠲᠤᠷᠬᠠᠭ ᠤᠳ ᠬᠤᠷᠴᠢᠨ ᠢ ᠬᠡᠰᠢᠭ ᠢᠯᠭᠠᠵᠤ ᠬᠠᠤᠯᠢ ᠴᠠᠭᠠᠵᠠ ᠨᠡᠶᠢᠲᠡᠯᠡᠪᠡ᠃  33᠂ ᠠᠷᠰᠯᠠᠨ ᠬᠠᠷᠯᠤᠭ ᠲᠤᠷ ᠬᠤᠪᠢᠯᠠᠢ ᠴᠠᠭᠤᠷᠠᠵᠤ ᠰᠠᠶᠢᠪᠠᠷ ᠡᠯᠰᠡᠨ ᠣᠷᠣᠭᠤᠯᠪᠠ᠂      ᠠᠶᠤᠨ ᠪᠤᠷᠤᠭᠤᠯᠠᠭᠰᠠᠨ ᠮᠡᠷᠭᠢᠳ ᠨᠠᠢᠮᠠᠨ ᠢ ᠰᠥᠪᠡᠭᠡᠲᠡᠢ ᠵᠡᠪᠡ ᠮᠤᠬᠤᠭᠠᠪᠠ᠃      ᠠᠯᠳᠠᠷ ᠨᠡᠷ᠎ᠡ ᠶᠢ ᠰᠣᠨᠣᠰᠴᠤ ᠡᠮᠢᠶᠡᠭᠡᠳ ᠢᠳᠦᠭᠤᠳ ᠥᠪᠡᠰᠦᠪᠡᠨ ᠢᠷᠡᠪᠡ᠂      ᠠᠬᠠᠮᠠᠳ ᠬᠥᠪᠡᠭᠦᠨ ᠵᠥᠴᠢ ᠮᠣᠷᠢᠯᠠᠨ ᠤᠢ ᠶᠢᠨ ᠢᠷᠭᠡᠳ ᠢ ᠳᠠᠭᠠᠭᠤᠯᠪᠠ᠃  34᠂ ᠬᠤᠷᠢ ᠲᠣᠮᠠᠳ ᠤᠨ ᠥᠬᠢᠳ ᠭᠤᠸ᠎ᠠ ᠬᠡᠮᠡᠨ ᠠᠩᠬᠠᠨ ᠠᠴᠠ ᠠᠯᠳᠠᠷᠰᠢᠯᠤᠭ᠎ᠠ᠂        ᠭᠤᠴᠢᠨ ᠡᠬᠡᠨᠡᠷ ᠠᠪᠤᠷ᠎ᠠ ᠣᠳᠣᠭᠠᠳ ᠬᠤᠷᠴᠢ ᠨᠣᠶᠠᠨ ᠪᠠᠷᠢᠭᠳᠠᠭ᠎ᠠ᠃      ᠬᠤᠷᠢ ᠲᠣᠮᠠᠳ ᠢ ᠳᠥᠷᠪᠡᠢ ᠲᠠᠭᠤᠯᠢᠭᠠᠳ ᠪᠣᠷᠣᠬᠤᠯ ᠤᠨ ᠥᠰᠢᠶ᠎ᠡ ᠶᠢ ᠠᠪᠤᠪᠠ᠂      ᠬᠤᠲᠤᠬ᠎ᠠ ᠪᠠᠬᠢ ᠶᠢ ᠬᠤᠷᠢᠭᠤᠯ ᠠᠴᠠ ᠭᠠᠷᠭᠠᠨ ᠪᠣᠳᠣᠬᠠᠢ ᠲᠠᠷᠭᠤᠨ ᠢ ᠥᠭᠪᠡ᠃  35᠂ ᠥᠷᠥᠰᠢᠶᠡᠯᠲᠦ ᠡᠵᠡᠨ ᠥᠭᠡᠯᠦᠨ ᠡᠬᠡ ᠪᠠ ᠬᠠᠰᠠᠷ ᠲᠡᠷᠢᠭᠦᠲᠡᠨ ᠳᠡᠭᠦᠦᠨᠡᠷ᠎ᠡ᠂      ᠥᠭᠡᠲᠡᠢ ᠲᠡᠷᠢᠭᠦᠲᠡᠨ ᠳᠥᠷᠪᠡᠨ ᠬᠥᠪᠡᠭᠦᠳ ᠲᠤᠷ ᠬᠡᠰᠢᠭ ᠰᠣᠶᠣᠷᠬᠠᠯ ᠬᠦᠷᠲᠡᠭᠡᠪᠡ᠃      ᠦᠮᠴᠢ ᠢᠷᠭᠡᠨ ᠨᠤᠲᠤᠭ ᠬᠤᠪᠢᠶᠠᠵᠤ ᠨᠣᠶᠠᠨ ᠲᠦᠰᠢᠮᠡᠯ ᠲᠦᠰᠢᠭᠡᠳ᠂      ᠥᠪᠡᠳᠡᠭᠰᠢ ᠨᠠᠶᠢᠷ ᠬᠤᠷᠢᠮ ᠪᠠᠵᠠᠭᠠᠨ ᠦᠷᠭᠡᠨ ᠲᠥᠷᠥᠯ ᠢ ᠪᠠᠶᠠᠰᠬᠠᠪᠠ᠃   36᠂ ᠬᠠᠮᠤᠭ ᠤᠯᠤᠰ ᠶᠢᠰᠦᠨ ᠬᠡᠯᠡᠲᠡᠨ ᠲᠡᠪ ᠲᠡᠭᠷᠢ ᠳᠤᠷ ᠬᠤᠷᠢᠪᠠ᠂      ᠬᠠᠷᠢᠶᠠᠲᠠᠨ ᠢᠷᠭᠡᠨ ᠢᠶᠠᠨ ᠭᠤᠶᠤᠷ᠎ᠠ ᠣᠳᠣᠭᠰᠠᠨ᠎ᠠ ᠲᠡᠮᠦᠭᠡ ᠣᠳᠴᠢᠭᠢᠨ ᠢ ᠨᠠᠮᠠᠨᠴᠢᠯᠠᠭᠤᠯᠪᠠ᠃      ᠬᠠᠭᠠᠨ ᠤ ᠳᠡᠭᠦᠦ ᠬᠠᠪᠤᠲᠤ ᠬᠠᠰᠠᠷ ᠢ ᠳᠣᠯᠣᠭᠠᠨ ᠬᠤᠨᠭ᠍ᠬᠤᠲᠠᠨ ᠵᠠᠨᠴᠢᠪᠠ᠂        ᠬᠠᠲᠤᠨ ᠪᠦᠷᠲᠡ ᠶᠢᠨ ᠦᠭᠡ ᠶᠢ ᠰᠣᠨᠣᠰᠴᠤ ᠬᠥᠬᠡᠴᠦ ᠪᠥᠭᠡ ᠶᠢ ᠬᠦᠨᠥᠭᠡᠪᠡ᠃37᠂ ᠠᠯᠲᠠᠨ ᠤᠯᠤᠰ ᠢ ᠠᠩᠬ᠎ᠠ ᠳᠠᠶᠢᠯᠠᠭᠠᠳ ᠡᠷᠡᠭᠦᠨ ᠴᠡᠷᠢᠭ ᠢ ᠬᠢᠲᠤᠭᠰᠠᠨ᠎ᠠ᠂      ᠠᠬᠤᠳᠠᠢ ᠬᠠᠭᠠᠨ ᠮᠠᠰᠢ ᠬᠡᠯᠮᠡᠵᠦ ᠭᠦᠩᠵᠦ ᠪᠠᠨ ᠱᠠᠩᠨᠠᠨ ᠡᠶᠡᠲᠦᠪᠡᠢ᠃      ᠠᠯᠲᠠ ᠮᠥᠩᠭᠦ ᠠᠷᠪᠢᠨ ᠭᠠᠷᠭᠠᠵᠤ ᠴᠢᠩᠭᠢᠰ ᠬᠠᠭᠠᠨ ᠳᠤᠷ ᠡᠷᠭᠦᠭᠦᠶ᠎ᠡ᠂      ᠠᠴᠢᠶ᠎ᠠ ᠳᠠᠭᠠᠭᠠᠬᠤᠢ ᠠᠴᠠ ᠠᠭᠤᠷᠠᠰᠤ ᠲᠡᠩᠨᠡᠨ ᠭᠬᠢᠪ ᠢᠶᠠᠷ ᠲᠠᠲᠠᠨ ᠡᠭᠡᠪᠡᠢ᠃  38᠂ ᠲᠠᠩᠭᠤᠳ ᠬᠠᠰᠢᠨ ᠢᠷᠭᠡᠨ ᠢ ᠳᠠᠶᠢᠯᠠᠵᠤ ᠢᠯᠤᠬᠤ ᠪᠤᠷᠬᠠᠨ ᠢ ᠡᠯᠰᠡᠭᠦᠯᠦᠭᠡᠳ᠂      ᠲᠠᠩᠭᠠᠷᠢᠭ ᠠᠮᠠᠨ ᠦᠴᠢᠭ ᠢ ᠠᠪᠴᠤ ᠴᠠᠭ᠎ᠠ ᠭᠦᠩᠵᠦ ᠶᠢ ᠲᠠᠲᠠᠪᠠᠢ᠃        ᠠᠯᠪᠠ ᠲᠠᠲᠠᠪᠤᠷᠢ ᠳᠤᠷ ᠠᠲᠠᠨ ᠲᠡᠮᠡᠭᠡ ᠶᠢ ᠲᠠᠭᠤᠵᠤ ᠶᠠᠳᠠᠲᠠᠯ᠎ᠠ ᠭᠤᠪᠴᠢᠭᠠᠳ᠂      ᠠᠷᠤ ᠭᠠᠵᠠᠷ ᠠᠭᠤᠷᠤᠭ ᠨᠤᠲᠤᠭ ᠲᠤᠷ ᠡᠰᠡᠨ ᠲᠥᠭᠡᠯ ᠪᠠᠭᠤᠪᠠᠢ᠃          39᠂ ᠰᠦᠩ ᠤᠯᠤᠰ ᠴᠠᠤᠭᠦᠨ ᠳᠤᠷ ᠢᠯᠡᠭᠡᠭᠰᠡᠨ ᠡᠯᠴᠢᠨ ᠢ ᠵᠡᠳᠭᠦᠭᠰᠡᠨ ᠶᠠᠯ᠎ᠠ ᠪᠠᠷ᠂        ᠰᠦᠷᠭᠡᠦ ᠪᠣᠭᠤᠯ ᠬᠢᠲᠠᠳ ᠢᠷᠭᠡᠨ ᠳᠤᠷ ᠳᠠᠬᠢᠨᠲᠠ ᠮᠣᠷᠢᠯᠠᠨ ᠢᠷᠡᠪᠡ᠃      ᠰᠦᠷᠴᠢᠨ ᠵᠦᠷᠴᠢᠨ ᠤ ᠰᠢᠷᠭᠤᠯᠵᠢᠨ ᠴᠡᠷᠢᠭ ᠢ ᠦᠨᠵᠢᠭᠦᠦ ᠪᠠᠶ᠋ᠢᠲᠠᠯ᠎ᠠ ᠬᠢᠲᠤᠭᠠᠳ᠂      ᠰᠥᠪᠡ ᠶᠢ ᠡᠪᠳᠡᠨ ᠵᠦᠩᠳᠦ ᠶᠢ ᠠᠪᠤᠭᠠᠳ ᠰᠢᠭᠢ ᠬᠤᠲᠤᠬᠤ ᠶᠢ ᠰᠣᠶᠣᠷᠬᠠᠪᠠ᠃   40᠂ ᠠᠯᠲᠠᠨ ᠠᠷᠭᠠᠮᠵᠢᠶ᠎ᠠ ᠪᠠᠨ ᠲᠠᠰᠤᠯᠠᠭᠳᠠᠪᠠ ᠬᠡᠮᠡᠨ ᠰᠠᠷᠲᠠᠭᠤᠯ ᠰᠤᠯᠳᠠᠨ ᠢ ᠳᠠᠶᠢᠯᠠᠭᠰᠠᠨ᠂      ᠠᠬᠤ ᠲᠥᠷᠥ ᠶᠢᠨ ᠲᠠᠶᠢᠽᠢ ᠰᠣᠩᠭᠤᠷᠤᠨ ᠴᠠᠭᠠᠳᠠᠢ ᠵᠥᠴᠢ ᠬᠡᠷᠡᠯᠳᠦᠭᠰᠡᠨ᠂      ᠠᠱᠠ ᠭᠡᠮᠪᠤ ᠪᠠᠷᠳᠠᠮ ᠦᠭᠦᠯᠡᠵᠦ ᠪᠠᠷᠰ ᠤᠨ ᠰᠦᠷ ᠲᠤᠷ ᠬᠠᠯᠳᠠᠭᠰᠠᠨ᠂      ᠠᠷᠰᠯᠠᠨ ᠬᠠᠷᠯᠤᠭ ᠢᠳᠤᠭᠤᠳ ᠤᠶᠢᠭᠤᠳ ᠴᠡᠷᠢᠭ ᠨᠡᠮᠡᠨ ᠲᠤᠰᠠᠯᠠᠭᠰᠠᠨ᠃   41᠂ ᠠᠷᠠᠢ ᠪᠠᠷ ᠳᠠᠪᠠᠨ ᠳᠣᠯᠣᠭᠠᠨ ᠣᠳ ᠰᠠᠷᠲᠠᠭᠤᠯ ᠢᠷᠭᠡᠨ ᠳᠤᠷ ᠠᠶᠠᠯᠠᠭᠠᠳ᠂        ᠠᠲᠠᠭᠠᠲᠠᠨ ᠳᠠᠶᠢᠰᠦᠨ  ᠵᠠᠯᠠᠯᠳᠢᠨ ᠰᠤᠯᠳᠠᠨ ᠬᠠᠨ ᠮᠡᠯᠢᠭ ᠢ ᠳᠠᠷᠤᠪᠠᠢ᠃      ᠠᠯᠲᠠᠨ ᠵᠢᠯᠣᠭᠤ ᠶᠢ ᠪᠠᠲᠤᠳᠠ ᠲᠠᠲᠠᠵᠤ ᠦᠷᠦᠭ ᠨᠤᠲᠤᠭ ᠲᠤᠷ ᠪᠠᠭᠤᠭᠠᠳ᠂      ᠠᠭᠤᠤ ᠶᠡᠭᠡ ᠨᠠᠶᠢᠷ ᠪᠠᠵᠠᠭᠠᠨ ᠠᠶᠠᠨ ᠤ ᠴᠢᠯᠡᠭᠡ ᠶᠢ ᠠᠯᠳᠠᠷᠭᠠᠪᠠᠢ᠃ 42᠂ ᠲᠠᠬᠢᠶ᠎ᠠ ᠵᠢᠯ ᠬᠠᠰᠢᠨ ᠢᠷᠭᠡᠨ᠎ᠡ ᠮᠣᠷᠢᠯᠠᠬᠤ ᠪᠡᠯᠡᠳᠭᠡᠯ ᠲᠦᠭᠦᠭᠡᠷᠡᠭᠡᠳ᠂      ᠲᠠᠩᠭᠤᠳ ᠤᠯᠤᠰ ᠢ ᠨᠣᠬᠠᠢ ᠵᠢᠯ ᠤᠨ ᠨᠠᠮᠤᠷ᠎ᠠ ᠳᠠᠶᠢᠯᠠᠷ᠎ᠠ ᠮᠣᠷᠳᠠᠪᠠᠢ᠃      ᠲᠠᠩᠭᠠᠷᠢᠭ ᠵᠦᠷᠢᠴᠡᠭᠰᠡᠨ ᠶᠠᠯ᠎ᠠ ᠨᠡᠭᠡᠵᠤ ᠠᠱᠠ ᠺᠠᠮᠪᠤ ᠶᠢ ᠳᠠᠷᠤᠭᠠᠳ᠂      ᠲᠠᠭᠠᠯᠠᠯ ᠪᠣᠯᠬᠤᠢ ᠲᠡᠷᠡ ᠬᠢᠷᠢᠳᠡ ᠢᠯᠤᠬᠤ ᠪᠤᠷᠬᠠᠨ ᠢ ᠨᠥᠭᠴᠢᠭᠡᠪᠡᠢ᠃ 43᠂ ᠲᠠᠪᠤᠨ ᠺᠠᠷᠠᠭ ᠡᠮᠦᠨ᠎ᠡ ᠦᠷᠦᠨ᠎ᠡ ᠵᠡᠷᠭᠡᠯᠡᠨ ᠤᠷᠭᠤᠬᠤ ᠵᠢᠭᠲᠡᠢ᠂      ᠲᠠᠯᠠᠬᠤᠢ ᠠᠯᠠᠬᠤᠢ ᠶᠢ ᠴᠡᠭᠡᠷᠯᠡ ᠬᠡᠮᠡᠭᠰᠡᠨ ᠵᠠᠷᠯᠢᠭ ᠢᠶᠠᠨ ᠡᠰᠡ ᠰᠡᠩᠬᠡᠷᠡᠪᠡᠢ᠃      ᠲᠠᠭᠠᠯᠠᠯ ᠤᠨ ᠡᠴᠦᠰ ᠵᠠᠬᠤᠳ ᠢ ᠮᠦᠬᠦᠭᠡᠬᠦ ᠨᠢᠭᠤᠴᠠ ᠠᠷᠭ᠎ᠠ ᠶᠢ ᠭᠡᠷᠢᠶᠡᠰᠦᠯᠡᠭᠡᠳ᠂      ᠲᠠᠰᠤᠷᠬᠠᠢ ᠪᠢᠯᠢᠭᠲᠡᠨ ᠪᠣᠷᠵᠢᠭᠢᠨ ᠣᠩᠭᠤᠳ ᠳᠡᠭᠡᠳᠦ ᠲᠡᠭᠷᠢ ᠳᠡᠭᠡᠨ ᠭᠠᠷᠪᠠ᠃   44᠂ ᠦᠨᠡᠨ ᠤ ᠭᠠᠵᠠᠷ᠎ᠠ ᠬᠦᠷᠦᠭᠰᠡᠨ ᠡᠴᠢᠭᠡ ᠪᠠᠨ ᠴᠢᠩᠬᠢᠰ ᠬᠠᠭᠠᠨ ᠢ ᠣᠷᠣᠰᠢᠭᠤᠯᠤᠭᠠᠳ᠂      ᠦᠶ᠎ᠡ ᠨᠦᠬᠦᠳ ᠦᠷ᠎ᠡ ᠬᠥᠪᠡᠭᠦᠳ ᠰᠦᠮ᠎ᠡ ᠪᠤᠰᠬᠠᠨ ᠲᠠᠶᠢᠵᠤᠬᠤᠢ᠃      ᠥᠷᠭᠡᠨ ᠬᠡᠯᠦᠷᠡᠨ ᠤ ᠬᠥᠳᠡᠭᠦ ᠠᠷᠠᠯ᠎ᠠ ᠶᠡᠭᠡ ᠬᠤᠷᠠᠯᠳᠠᠢ ᠬᠤᠷᠠᠭᠠᠳ᠂      ᠦᠯᠦᠭ ᠵᠠᠩ ᠲᠠᠢ ᠦᠭᠡᠳᠡᠢ ᠬᠠᠭᠠᠨ ᠢ ᠦᠨᠳᠤᠷ ᠰᠠᠭᠤᠳᠠᠯ ᠳᠤᠷ ᠡᠷᠭᠦᠮᠵᠢᠯᠡᠵᠦᠬᠦᠢ᠃  45᠂ ᠬᠠᠮᠤᠭ ᠮᠤᠩᠭᠤᠯ ᠤᠨ ᠳᠠᠯᠠᠢ ᠶᠢᠨ ᠬᠠᠭᠠᠨ ᠤ ᠡᠷᠬᠡ ᠶᠢ ᠭᠠᠷᠲᠤᠷ ᠣᠷᠣᠭᠤᠯᠵᠤ᠂      ᠬᠠᠯᠢᠪᠠᠢ ᠰᠤᠯᠲᠠᠨ ᠳᠤᠷ ᠨᠠᠮᠠᠵᠤ ᠪᠠᠰᠠ ᠣᠭᠤᠲᠤᠷ ᠮᠡᠩᠭᠡᠲᠦ ᠶᠢ ᠠᠶᠠᠯᠠᠭᠤᠯᠣᠭᠠᠳ᠂      ᠬᠠᠩᠯᠢᠨ᠎ᠠ ᠴᠠᠭᠤᠷᠠᠭᠰᠠᠨ ᠰᠥᠪᠡᠭᠡᠲᠡᠢ ᠶᠢᠨ ᠭᠡᠵᠢᠭᠡ ᠠᠬᠠᠮᠠᠳ ᠬᠥᠪᠡᠭᠦᠳ ᠢ ᠮᠣᠷᠢᠯᠠᠭᠤᠯᠣᠭᠠᠳ᠂      ᠬᠠᠷ᠎ᠠ ᠬᠢᠲᠠᠳ ᠢ ᠳᠠᠶᠢᠯᠠᠨ ᠲᠥᠪᠰᠢᠳᠭᠡᠵᠦ ᠬᠠᠷ᠎ᠠ ᠬᠤᠷᠣᠮ ᠳᠤᠷ ᠬᠠᠷᠢᠨ ᠪᠠᠭᠤᠪᠠᠢ᠃ 46᠂ ᠬᠠᠷ᠎ᠠ ᠬᠤᠷᠣᠮ ᠳᠤᠷ ᠬᠤᠲᠠ ᠴᠣᠭᠴᠠᠯᠠᠨ ᠤᠯᠤᠰ ᠤᠨ ᠨᠡᠶᠢᠰᠯᠠᠯ ᠪᠣᠯᠭᠠᠭᠠᠳ᠂      ᠬᠠᠮᠤᠭ ᠮᠤᠩᠭᠤᠯ ᠰᠤᠶᠤᠯ ᠢ ᠮᠠᠨᠳᠤᠭᠤᠯᠤᠨ ᠣᠯᠠᠨ ᠱᠠᠰᠢᠨ ᠢ ᠳᠡᠯᠭᠡᠷᠡᠭᠦᠯᠪᠡ᠃      ᠬᠠᠭᠠᠨᠳᠤ ᠲᠦᠷᠤ ᠶᠢᠨ ᠨᠢᠭᠡᠳᠦᠯ ᠢ ᠪᠡᠶᠡᠯᠡᠭᠦᠯᠵᠦ ᠬᠠᠷᠢ ᠢᠷᠭᠡᠨ ᠢ ᠲᠥᠪᠰᠢᠳᠭᠡᠭᠡᠳ᠂      ᠬᠠᠷᠠᠴᠤᠰ ᠠᠷᠠᠳ ᠠᠴᠠ ᠠᠯᠪᠠ ᠲᠠᠲᠠᠵᠤ ᠬᠥᠯ ᠬᠦᠰᠡᠷ᠎ᠡ ᠠᠮᠤᠭᠤᠯᠪᠠ᠃ 47᠂ ᠦᠷᠤᠨ᠎ᠠ ᠳ᠋ᠠᠬᠢᠨ ᠤ ᠶᠡᠬᠡᠩᠬᠢ ᠶᠢ ᠡᠵᠡᠯᠡᠵᠤ ᠥᠮᠴᠢ ᠨᠤᠲᠤᠭ ᠲᠠᠭᠠᠨ ᠬᠠᠷᠢᠬᠤᠶ᠎ᠠ᠂        ᠥᠭᠡᠳᠡᠢ ᠶᠢᠨ ᠬᠥᠪᠡᠭᠦᠨ ᠭᠦᠶᠦᠭ ᠪᠦᠷᠢ ᠨᠡᠷ ᠥᠪᠡᠳᠡᠭᠰᠢ ᠨᠠᠶᠢᠷ ᠢ ᠲᠦᠢᠪᠡᠭᠡᠪᠡ᠃      ᠦᠴᠤᠭᠡᠨ ᠬᠡᠷᠡᠭ ᠢ ᠦᠯᠦ ᠬᠦᠯᠢᠴᠡᠨ ᠦᠪᠡᠷ᠎ᠡ ᠵᠠᠭᠤᠷ᠎ᠠ ᠪᠠᠨ ᠮᠠᠭᠤᠳᠠᠯᠴᠠᠬᠤᠢ᠂      ᠥᠭᠡᠳᠡ ᠦᠭᠡᠢ ᠥᠭᠡᠨᠴᠡ ᠶᠠᠪᠤᠳᠠᠯ ᠢᠶᠠᠷ ᠳᠡᠭᠡᠳᠦᠰ ᠤᠨ ᠲᠥᠷᠥ ᠳᠤᠷ ᠬᠠᠷᠰᠢᠯᠠᠪᠠ᠃ 48᠂ ᠡᠴᠢᠭᠡ ᠶᠢᠨ ᠦᠢᠯᠡᠰ ᠢ ᠰᠠᠬᠢᠨ ᠵᠠᠯᠭᠠᠮᠵᠢᠯᠠᠭᠰᠠᠨ ᠦᠭᠡᠳᠡᠢ ᠬᠠᠭᠠᠨ ᠴᠢᠳᠠᠪᠦᠷᠢ ᠲᠠᠢ᠂      ᠡᠨᠡᠷᠢᠩᠭᠦᠢ ᠰᠡᠳᠬᠢᠯ ᠢᠶᠠᠷ ᠢᠷᠭᠡᠨ ᠢ ᠥᠷᠥᠰᠢᠶᠡᠨ ᠠᠷᠠᠳᠴᠢᠯᠠᠯ ᠢᠶᠠᠷ ᠵᠠᠰᠠᠭ ᠶᠠᠪᠤᠭᠤᠯᠪᠠ᠃      ᠡᠮ᠎ᠡ ᠬᠦᠮᠦᠨ ᠤ ᠦᠭᠡᠨ ᠳᠤ ᠣᠷᠣᠭᠰᠠᠨ᠂ ᠪᠣᠷᠣ ᠳᠠᠷᠠᠰᠤᠨ᠎ᠠ ᠢᠯᠠᠭᠳᠠᠭᠰᠠᠨ᠂      ᠡᠵᠡᠨ ᠳᠡᠭᠡᠨ ᠦᠯᠦᠮᠯᠡᠬᠦ ᠳᠣᠭᠤᠯᠬᠤ ᠶᠢ ᠬᠡᠭᠡᠰᠦᠯᠡᠭᠰᠡᠨ ᠳᠥᠷᠪᠡᠨ ᠠᠯᠵᠢᠶᠠᠰ ᠦᠢᠯᠡᠳᠪᠡ᠃ 49᠂ ᠡᠩᠬᠡ ᠲᠥᠷᠥ ᠶᠢᠨ ᠡᠪ ᠢ ᠣᠯᠵᠤ ᠵᠠᠬᠤᠳ ᠢᠷᠭᠡᠨ ᠢ ᠮᠣᠬᠤᠳᠬᠠᠭᠰᠠᠨ᠂      ᠡᠯᠴᠢᠨ ᠠᠭᠤᠯᠬᠤᠢ ᠵᠠᠮ ᠤᠶᠠᠭᠤᠯᠤᠨ ᠦᠷᠤᠨ᠎ᠠ ᠲᠤᠷᠤᠨ᠎ᠠ ᠶᠢ ᠬᠤᠯᠪᠤᠭᠰᠠᠨ᠃        ᠡᠯᠴᠢᠮ᠎ᠡ ᠭᠠᠵᠠᠷ ᠬᠤᠳᠳᠤᠭ ᠡᠷᠦᠭᠦᠯᠵᠦ ᠤᠯᠤᠰ ᠠᠷᠠᠳ ᠢ ᠲᠡᠵᠢᠭᠡᠭᠰᠡᠨ᠂      ᠡᠵᠡᠯᠡᠭᠰᠡᠨ ᠣᠷᠣᠨ᠎ᠠ ᠲᠠᠮᠠᠴᠢᠨ ᠲᠠᠯᠪᠢᠭᠰᠠᠨ ᠳᠥᠷᠪᠡᠨ ᠦᠢᠯᠡ ᠨᠡᠮᠡᠭᠰᠡᠨ᠃  50᠂ ᠬᠤᠲᠠᠯᠠ ᠮᠣᠩᠭᠤᠯ ᠤᠨ ᠳᠠᠯᠠᠢ ᠬᠠᠭᠠᠨ ᠴᠢᠩᠭᠢᠰ ᠥᠭᠡᠳᠡᠢ ᠬᠤᠶᠠᠷ ᠤᠨ᠂         ᠬᠤᠲᠤᠭ ᠣᠷᠣᠰᠢᠭᠰᠠᠨ ᠭᠠᠪᠢᠶ᠎ᠠ ᠶᠢ ᠲᠡᠮᠳᠡᠭᠯᠡᠭᠰᠡᠨ ᠶᠡᠭᠡ ᠲᠣᠪᠴᠢᠶᠠᠨ ᠡᠭᠦᠨᠢ᠂       ᠬᠤᠯᠤᠭᠠᠨ᠎ᠠ ᠵᠢᠯ ᠤᠨ ᠭᠤᠷᠠᠨ ᠰᠠᠷ᠎ᠠ ᠳ᠋ᠠ ᠬᠡᠯᠦᠷᠡᠨ ᠤ ᠬᠥᠳᠡᠭᠡ ᠠᠷᠠᠯ᠎ᠠ᠂       ᠬᠤᠷᠠᠯᠲᠠᠢ ᠬᠤᠷᠢᠵᠤ ᠤᠷᠳᠤᠰ ᠪᠠᠭᠤᠬᠤᠢ ᠳᠤᠷ ᠠᠮᠵᠢᠨ ᠪᠢᠴᠢᠵᠦ ᠳᠠᠭᠤᠰᠬᠠᠪᠠ᠃
 
ᠢᠷᠡᠯᠲᠡ᠄ ᠮᠣᠩᠭᠤᠯ ᠤᠨ ᠨᠢᠭᠤᠴᠠ ᠳᠣᠪᠴᠢᠶᠠᠨ ᠤ ᠮᠦᠽᠧᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号