ᠰᠦᠯᠳᠡ ᠲᠡᠩᠬᠢᠮ
ᠨᠡᠶᠢᠲᠡᠯᠡᠭᠰᠡᠨ ᠴᠠᠭ᠄
2018-08-08
              ᠰᠦᠯᠳᠡ ᠲᠡᠩᠬᠢᠮ      ᠣᠳᠣ ᠮᠠᠨ ᠤ ᠡᠮᠦᠨ᠎ᠡ ᠦᠵᠡᠭᠳᠡᠵᠦ ᠪᠠᠶᠢᠭ᠎ᠠ ᠡᠨᠡ ᠥᠷᠥᠭᠡ ᠪᠣᠯ ︿ᠰᠦᠯᠳᠡ ᠲᠢᠩᠭᠢᠮ﹀ ᠪᠣᠯᠣᠨ᠎ᠠ᠃ ᠡᠨᠡ ᠴᠠᠭᠠᠨ ᠰᠦᠯᠳᠡ ᠨᠢ ᠣᠯᠣᠰ ᠤᠨ ᠰᠦᠯᠳᠡ ᠪᠤᠯᠤᠨ᠎ᠠ᠂ ᠡᠨᠡ ᠨᠢ ᠡᠩᠬᠡ ᠲᠠᠶᠢᠪᠤᠩ᠂ ᠡᠷᠬᠡ ᠲᠡᠭᠰᠢ ᠶᠢ ᠪᠡᠯᠭᠡᠳᠡᠳᠡᠭ ᠃ ᠬᠠᠷ᠎ᠠ ᠰᠦᠯᠳᠡ ᠨᠢ ᠴᠡᠷᠢᠭ ᠳᠠᠶᠢᠨ ᠤ ᠰᠦᠯᠳᠡ ᠪᠤᠯᠤᠨ᠎ᠠ᠃ ᠡᠨᠡᠬᠦ ︽ᠳᠣᠮᠳᠠᠳᠣ ᠣᠯᠣᠰ ᠤᠨ  ᠮᠣᠩᠭᠤᠯ ᠤᠨ ᠨᠢᠭᠤᠴᠠ ᠳᠣᠪᠴᠢᠶᠠᠨ ᠤ ᠮᠦᠽᠸᠢ︾ ᠭᠡᠮᠡᠬᠦ ᠨᠡᠷ᠎ᠡ ᠨᠢ ᠮᠠᠨ ᠤ ᠣᠷᠣᠨ ᠤ ᠣᠣᠯ ᠤᠨ ᠣᠳᠣᠷᠢᠳᠣᠭᠴᠢ ᠪᠦᠬᠡ ᠭᠤᠸᠠᠢ ᠶᠢᠨ ᠡᠷᠭᠦᠭᠰᠡᠨ ᠨᠡᠷ᠎ᠡ ᠪᠣᠯᠣᠨ᠎ᠠ᠃ ᠠᠳᠡ ᠲᠠᠯᠪᠢᠭᠳᠠᠵᠣ ᠪᠠᠶᠢᠭ᠎ᠠ ᠣᠷᠠᠨ ᠪᠢᠴᠢᠯᠭᠡ ᠶᠢᠨ ᠡᠪᠬᠡᠮᠡᠯ ᠨᠢ ᠮᠠᠨ  ᠤ ᠬᠤᠰᠢᠭᠤᠨ ᠤ ᠠᠯᠳᠠᠷᠲᠤ ᠤᠷᠠᠨ ᠪᠢᠴᠢᠯᠭᠡᠲᠡᠨ ᠪᠣᠣ ᠶᠢᠨ ᠱᠠᠨ ᠠᠪᠤᠭᠠᠢ ᠶᠢᠨ ᠪᠣᠰᠤᠭ᠎ᠠ ᠮᠣᠩᠭᠤᠯ ᠲᠢᠭ ᠤᠨ ︽ ᠮᠣᠩᠭᠤᠯ ᠤᠨ ᠨᠢᠭᠤᠴᠠ ᠳᠤᠪᠴᠢᠶᠠᠨ︾ ᠪᠣᠯᠣᠨ᠎ᠠ᠃ ᠡᠨᠡᠬᠦ ᠣᠷᠠᠨ ᠪᠦᠲᠦᠭᠡᠯ ᠨᠢ 2010 ᠤᠨ ᠳᠤ ᠮᠠᠨ ᠤ ᠣᠷᠣᠨ ᠠᠴᠠ ᠱᠠᠩᠬᠠᠢ ᠶᠢᠨ ᠳᠡᠯᠡᠬᠡᠢ ᠶᠢᠨ ᠦᠵᠡᠰᠭᠦᠯᠡᠩ ᠳᠤ  ᠪᠡᠯᠡᠭᠯᠡᠭᠰᠡᠨ ᠴᠣᠷ ᠤᠨ ᠭᠠᠭᠴᠠ ᠪᠡᠯᠡᠭ ᠪᠤᠯᠤᠨ᠎ᠠ᠃ ᠪᠠᠷᠠᠭᠤᠨ ᠲᠠᠯ᠎ᠠ ᠳᠤ ᠪᠠᠶᠢᠬᠤ ᠨᠢ ᠪᠣᠯ ᠪᠣᠣ ᠶᠢᠨ ᠱᠠᠨ ᠠᠪᠤᠭᠠᠢ ᠶᠢᠨ ᠪᠠᠭᠰᠢ᠂ ᠥᠪᠥᠷ ᠮᠣᠩᠭᠤᠯ ᠤᠨ ᠦᠨᠳᠦᠰᠦᠲᠡᠨ ᠤ ᠶᠡᠭᠡ ᠰᠣᠷᠭᠠᠭᠤᠯᠢ ᠶᠢᠨ ᠫᠧᠷᠫᠡᠰᠦᠷ ᠨᠠᠷ ᠤᠨ ᠣᠶᠢᠭᠤᠷᠵᠢᠨ ᠮᠣᠩᠭᠤᠯ ᠲᠢᠭ ᠤᠨ ︽ ᠮᠣᠩᠭᠤᠯ  ᠤᠨ ᠨᠢᠭᠤᠴᠠ ᠳᠣᠪᠴᠢᠶᠠᠨ︾ ᠪᠣᠯᠣᠨ᠎ᠠ᠃ ᠵᠡᠭᠦᠨ ᠪᠠᠷᠠᠭᠤᠨ ᠬᠤᠶᠠᠷ ᠲᠠᠯ᠎ᠠ ᠳᠤ ᠪᠠᠶᠢᠭ᠎ᠠ ᠨᠢ ᠪᠣᠯ ᠯᠢ ᠸᠧᠨ ᠲᠢᠶᠠᠨ ᠪᠠ ᠬᠤᠩ ᠵᠢᠶᠦ᠋ᠨ ᠤ ︽ᠮᠣᠩᠭᠤᠯ ᠤᠨ ᠨᠢᠭᠤᠴᠠ ᠳᠣᠪᠴᠢᠶᠠᠨ︾ ᠤ ᠬᠠᠳᠠᠭᠠᠯᠠᠪᠣᠷᠢ ᠪᠣᠯᠣᠨ᠎ᠠ᠃
     ᠡᠨᠡ ᠪᠤᠯ ᠮᠥᠩᠭᠦᠨ ᠬᠠᠪᠲᠠᠰᠤᠨ ᠳᠡᠭᠡᠷ᠎ᠡ ᠭᠥᠳᠦᠶᠢᠯᠭᠡᠨ ᠬᠢᠭᠰᠡᠨ ︽ ᠮᠣᠩᠭᠤᠯ ᠤᠨ ᠨᠢᠭᠤᠴᠠ ᠳᠣᠪᠴᠢᠶᠠᠨ ︾ ᠪᠣᠯᠣᠨ᠎ᠠ᠃ ᠽᠠᠨᠳᠠᠨ ᠮᠣᠳᠣ ᠪᠠᠷ  ᠬᠥᠷᠢᠶᠡᠯᠡᠵᠠᠢ᠃
     ᠡᠨᠡ ᠪᠤᠯ ᠵᠢᠩ ᠳ᠋ᠧ ᠵᠸᠡ ᠪᠠᠯᠭᠠᠰᠤᠨ ᠤ ᠶᠤᠸᠠᠨ ᠤ ᠴᠢᠩ ᠬᠤᠸᠠ ᠱᠠᠭᠠᠵᠠᠩ ᠢ ᠳᠠᠭᠤᠷᠢᠶᠠᠨ ᠰᠢᠲᠠᠭᠠᠭᠰᠠᠨ ᠱᠠᠭᠠᠵᠠᠩ ᠪᠠᠭᠠᠨ᠎ᠠ ᠳᠡᠭᠡᠷ᠎ᠡ ᠰᠡᠶᠢᠯᠪᠥᠷᠢᠯᠡᠭᠰᠡᠨ ︽ ᠮᠣᠩᠭᠤᠯ ᠤᠨ ᠨᠢᠭᠤᠴᠠ ᠳᠣᠪᠴᠢᠶᠠᠨ︾ ᠪᠣᠯᠣᠨ᠎ᠠ᠃ ᠡᠨᠡᠬᠦ ᠲᠤᠯᠭᠠᠭᠤᠷᠢ ᠨᠢ ᠨᠡᠶᠢᠲᠡ 66 ᠪᠠᠶᠢᠳᠠᠭ᠃ ᠡᠭᠦᠪᠡᠷ ᠴᠢᠩᠭᠢᠰ ᠬᠠᠭᠠᠨ ᠤ 66 ᠨᠠᠰᠣᠯᠠᠭᠰᠠᠨ ᠢ ᠳᠣᠷᠠᠰᠬᠠᠭᠰᠠᠨ ᠪᠠᠶᠢᠨ᠎ᠠ᠃
ᠣᠳᠣ ᠪᠢᠳᠠ ᠬᠠᠮᠤᠭ ᠲᠣᠲᠣᠷᠠᠬᠢ ᠨᠠᠬᠤ ᠲᠢᠩᠬᠢᠮ ᠠᠴᠠ ᠡᠬᠢᠯᠡᠵᠦ ᠲᠣᠭᠤᠷᠢᠨ ᠦᠵᠡᠶ᠎ᠡ︕
 
ᠢᠷᠡᠯᠲᠡ᠄ ᠮᠣᠩᠭᠤᠯ ᠤᠨ ᠨᠢᠭᠤᠴᠠ ᠳᠣᠪᠴᠢᠶᠠᠨ ᠤ ᠮᠦᠽᠧᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号