ᠤᠳᠤᠭ ᠮᠤᠩᠭᠤᠯᠴᠣᠳ ᠤᠨ ᠰᠤᠷᠭᠠᠯ ᠴᠡᠭᠡᠷ ᠤᠨ ᠶᠤᠰᠤᠨ ᠤ ᠲᠤᠬᠠᠢ
ᠨᠡᠶᠢᠲᠡᠯᠡᠭᠰᠡᠨ ᠴᠠᠭ᠄
2019-03-22
ᠤᠳᠤᠭ ᠮᠤᠩᠭᠤᠯᠴᠣᠳ ᠤᠨ ᠰᠤᠷᠭᠠᠯ ᠴᠡᠭᠡᠷ ᠤᠨ ᠶᠤᠰᠤᠨ ᠤ ᠲᠤᠬᠠᠢ ︽ᠤᠲᠤᠭ ᠮᠤᠩᠭᠤᠯᠴᠤᠳ ᠤᠨ ᠤᠯᠠᠮᠵᠢᠯᠠᠯᠲᠤ ᠭᠡᠷ ᠤᠨ ᠰᠤᠷᠭᠠᠯ ᠤᠨ ᠳᠤᠪᠴᠢ︾   ᠥᠷᠯᠥᠭᠦᠳ ᠳᠠᠮᠪᠠᠯᠢᠷᠤᠪ  ᠡᠮᠬᠢᠳᠬᠡᠨ ᠨᠠᠶᠢᠷᠠᠭᠤᠯᠪᠠ    ᠥᠪᠥᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ      ᠤᠳᠤᠭ ᠮᠤᠩᠭᠤᠯᠴᠣᠳ ᠡᠷᠳᠡ ᠲᠡᠭᠡᠳᠦᠰ ᠤᠨ ᠦᠶ᠎ᠡ ᠠᠴᠠ ᠪᠠᠨ ᠲᠡᠭᠡᠷ᠎ᠡ ᠮᠡᠳᠦ ᠵᠦᠢᠷ ᠰᠡᠴᠡᠨ ᠦᠭᠡ᠂ ᠬᠠᠪᠳᠤ ᠦᠭᠡ ᠪᠠᠷ ᠬᠡᠥᠬᠡᠳ ᠠᠴᠢ ᠨᠠᠷ ᠬᠢᠭᠡᠳ ᠲᠡᠭᠦᠦᠨᠠᠷ ᠲᠤ ᠪᠠᠨ ᠭᠡᠷ ᠤᠨ ᠰᠤᠷᠭᠠᠯ ᠢ ᠠᠮᠠ ᠪᠠᠷ ᠬᠡᠯᠡᠵᠦ ᠰᠤᠷᠭᠠᠬᠤ ᠶᠢᠨ ᠬᠠᠮᠳᠤ ᠠᠶᠢᠯ ᠭᠡᠷ ᠤᠨ ᠡᠳᠦᠷ ᠲᠤᠳᠤᠮ ᠤᠨ ᠠᠵᠢᠯ ᠦᠢᠯᠡᠰ᠂ ᠠᠮᠢᠳᠤᠷᠠᠯ ᠤᠨ ᠶᠠᠪᠤᠴᠠ ᠳᠤ ᠪᠠᠨ ᠵᠠᠪᠠᠯ ᠪᠠᠷᠢᠮᠳᠠᠯᠠᠬᠤ ᠶᠤᠰᠤ ᠵᠢᠷᠤᠮ᠂ ᠴᠡᠭᠡᠷ ᠬᠤᠷᠢᠭ᠎ᠠ ᠬᠢᠵᠤ ᠪᠠᠰᠠ ᠠᠷᠪᠢᠨ ᠵᠦᠢᠯ ᠢ ᠢᠩᠭᠢᠵᠦ ᠪᠤᠯᠬᠤ ᠦᠭᠡᠢ᠂ ᠲᠡᠭᠡᠵᠦ ᠪᠤᠯᠬᠤ ᠦᠭᠡᠢ ᠭᠡᠵᠦ ᠬᠡᠯᠡᠵᠦ ᠰᠤᠷᠭᠠᠳᠠᠭ ᠪᠠᠶᠢᠵᠠᠢ᠃ ᠲᠤᠬᠠᠶᠢᠯᠠᠪᠠᠯ᠂ ᠨᠢᠭᠡ ᠳᠤ᠂ ᠦᠷᠯᠦᠭᠡ ᠶᠢᠨ ᠴᠠᠢ ᠪᠠᠨ ᠤᠤᠭᠤᠬᠤ ᠠᠴᠠ ᠡᠮᠦᠨ᠎ᠡ ᠴᠠᠢ ᠪᠠᠨ ᠲᠡᠭᠡᠵᠢᠯᠡᠵᠦ ᠭᠠᠳᠠᠨ᠎ᠠ ᠭᠠᠷᠴᠤ᠂ ᠲᠡᠭᠷᠢ ᠪᠤᠷᠬᠠᠨ ᠳᠤ ᠪᠠᠨ ᠰᠠᠴᠤᠯᠭ᠎ᠠ ᠡᠷᠭᠦᠬᠦ ᠶᠤᠰᠤᠳᠠᠢ᠃ ᠬᠤᠶᠠᠷ ᠲᠤ᠂ ᠦᠷᠯᠦᠭᠡ ᠶᠢᠨ ᠴᠠᠢ ᠬᠤᠭᠤᠯᠠ ᠪᠠᠨ ᠢᠳᠡᠬᠦ ᠠᠴᠠ ᠡᠮᠦᠨ᠎ᠡ ᠴᠠᠢ ᠬᠤᠭᠤᠯᠠ ᠠᠴᠠ ᠪᠠᠨ ᠲᠡᠭᠡᠵᠢᠯᠡᠵᠦ ᠭᠠᠯ ᠲᠤᠯᠭ᠎ᠠ ᠳᠤ ᠪᠠᠨ ᠬᠢᠵᠦ ᠲᠠᠬᠢᠯᠭ᠎ᠠ ᠡᠷᠭᠦᠳᠡᠭ ᠶᠤᠰᠤᠳᠠᠢ᠃ ᠭᠤᠷᠪᠠ ᠳᠤ᠂ ᠦᠷᠯᠦᠭᠡ ᠪᠦᠷᠢ ᠭᠡᠷ ᠤᠨ ᠡᠵᠡᠨ ᠪᠤᠶᠤ ᠶᠡᠬᠡᠮᠡᠳ ᠲᠤᠮᠤᠭᠠᠳᠠᠨ ᠠᠴᠠ ᠰᠠᠩ ᠤᠨ ᠰᠦᠷᠦ ᠲᠡᠭᠡᠷ᠎ᠡ ᠪᠠᠨ ᠬᠦᠷᠴᠦ ᠰᠠᠩ ᠲᠠᠯᠪᠢᠨ ᠰᠡᠷᠵᠢᠮ ᠡᠷᠭᠦᠵᠦ᠂ ᠡᠴᠢᠭᠡ ᠲᠡᠭᠷᠢ ᠡᠵᠡᠨ ᠪᠤᠭᠳᠠ ᠳᠤ ᠪᠠᠨ ᠠᠵᠢᠯ ᠠᠮᠢᠳᠤᠷᠠᠯ ᠢᠶᠠᠨ ᠲᠠᠭᠠᠳᠬᠠᠨ ᠨᠠᠮᠠᠨᠴᠢᠯᠠᠵᠤ ᠮᠦᠷᠭᠦᠳᠡᠭ  ᠃ ᠲᠦᠷᠪᠡ ᠳᠤ᠂ ᠡᠳᠦᠷ ᠲᠤᠳᠤᠮ ᠤᠨ ᠴᠠᠭ ᠬᠤᠭᠤᠯᠠ ᠪᠠᠨ ᠢᠳᠡᠵᠦ ᠤᠤᠭᠤᠬᠤ ᠳᠤ ᠪᠠᠨ ᠬᠦᠨᠳᠦᠳᠬᠡᠯ ᠤᠨ ᠶᠤᠰᠤ ᠵᠢᠷᠤᠮ ᠢ ᠪᠠᠷᠢᠮᠳᠠᠯᠠᠵᠤ᠂ ᠶᠠᠭᠤᠨ ᠤ ᠡᠮᠦᠨ᠎ᠡ ᠮᠤᠷᠢᠯᠠᠨ ᠰᠠᠭᠠᠭᠳᠠᠭᠰᠠᠨ ᠬᠦᠨᠳᠦᠳᠦ ᠭᠡᠶᠢᠴᠢᠨ ᠵᠤᠴᠢᠨ ᠳᠤ ᠴᠠᠢ ᠬᠤᠭᠤᠯᠠ ᠪᠠᠨ ᠠᠶᠠᠭᠠᠯᠠᠵᠤ ᠪᠠᠷᠢᠨ᠎ᠠ᠃ ᠲᠠᠷᠠᠭ᠎ᠠ ᠨᠢ ᠭᠡᠷ ᠤᠨ ᠶᠡᠬᠡᠮᠡᠳ ᠠᠴᠠ ᠡᠬᠢᠯᠡᠵᠦ ᠲᠡᠰ ᠲᠠᠷᠠᠭᠠᠯᠠᠯ ᠲᠠᠢ ᠪᠠᠷ ᠴᠠᠢ ᠬᠤᠭᠤᠯᠠ ᠪᠠᠨ ᠠᠶᠠᠭᠠᠯᠠᠨ᠎ᠠ᠃ ᠲᠠᠷᠤᠢ ᠡᠪᠦᠭᠡ ᠡᠮᠡᠭᠡ᠂ ᠠᠪᠤ ᠡᠵᠢ᠂ ᠠᠪᠠᠭ᠎ᠠ ᠨᠠᠭᠠᠴᠢ ᠨᠠᠷ᠂ ᠠᠬ᠎ᠠ ᠡᠭᠡᠴᠢ ᠪᠡᠷᠭᠡᠳ ᠭᠡᠬᠦ ᠮᠡᠳᠦ ᠲᠡᠰ ᠲᠠᠷᠠᠭᠠᠯᠠᠯ ᠢᠶᠠᠷ ᠠᠶᠠᠭᠠᠯᠠᠵᠤ᠂ ᠬᠠᠮᠤᠭ ᠰᠡᠭᠦᠯ ᠳᠤ ᠨᠢ ᠲᠡᠭᠦᠦᠨᠠᠷ ᠬᠡᠥᠬᠡᠳ ᠲᠤ ᠪᠠᠨ ᠴᠠᠢ ᠬᠤᠭᠤᠯᠠ ᠠᠶᠠᠭᠠᠯᠠᠵᠤ ᠢᠳᠡᠭᠦᠯᠵᠦ ᠤᠤᠭᠤᠯᠭᠠᠨ᠎ᠠ᠃ ᠭᠡᠬᠦ ᠳᠤ ᠪᠠᠨ ᠴᠠᠢ ᠬᠤᠭᠤᠯᠠ ᠠᠶᠠᠭᠠᠯᠠᠬᠤ ᠬᠦᠮᠦᠰ ᠵᠠᠪᠠᠯ ᠵᠢᠷᠤᠮᠯᠠᠬᠤ ᠶᠤᠰᠤᠳᠠᠢ ᠵᠦᠢᠯ ᠭᠡᠪᠡᠯ ᠄⒈ ᠬᠠᠨᠴᠤᠢ ᠪᠠᠨ ᠰᠢᠮᠠᠯᠠᠵᠤ ᠴᠠᠢ ᠬᠤᠭᠤᠯᠠ ᠠᠶᠠᠭᠠᠯᠠᠵᠤ ᠪᠤᠯᠬᠤ ᠦᠭᠡᠢ᠃⒉ ᠬᠤᠪᠴᠠᠰᠤ ᠬᠤᠨᠠᠷ ᠢᠶᠠᠨ ᠨᠦᠮᠦᠷᠴᠤ ᠭᠡᠳᠦᠷᠡᠨ ᠴᠠᠢ ᠬᠤᠭᠤᠯᠠ ᠠᠶᠠᠭᠠᠯᠠᠵᠤ ᠪᠤᠯᠬᠤ ᠦᠭᠡᠢ᠃⒊ ᠰᠤᠯᠤᠭᠠᠢ ᠭᠠᠷ ᠢᠶᠠᠷ ᠢᠶᠠᠨ ᠴᠠᠢ ᠬᠤᠭᠤᠯᠠ ᠪᠤᠯᠬᠤ ᠦᠭᠡᠢ᠃⒋ ᠰᠤᠯᠤᠭᠠᠢ ︵ᠳ᠋ᠠᠩ︶ ᠲᠤᠭᠠᠨ ᠤ ᠪᠤᠭᠤᠷᠰᠤᠭ᠂ ᠬᠤᠷᠤᠳ ᠫᠢᠯᠠᠯᠠᠵᠤ ᠪᠤᠯᠬᠤ ᠦᠭᠡᠢ᠃⒌ ᠬᠠᠮᠤᠭ ᠠᠩᠬᠠᠨ ᠤ ᠴᠠᠢ ᠬᠤᠭᠤᠯᠠ ᠶᠢ ᠲᠤᠮᠳᠠ ᠠᠶᠠᠭᠠᠯᠠᠵᠤ ᠪᠤᠯᠬᠤ ᠦᠭᠡᠢ᠃      ᠡᠭᠦᠨ ᠠᠴᠠ ᠭᠠᠳᠠᠨ᠎ᠠ᠂ ᠠᠶᠢᠯ ᠭᠡᠷ ᠤᠳ ᠤᠨ ᠡᠭᠦᠷᠢᠳᠡ ᠶᠢᠨ ᠴᠡᠭᠡᠷ ᠬᠤᠷᠢᠭ᠎ᠠ ᠭᠡᠪᠡᠯ᠄⒈ ᠭᠡᠷ ᠪᠠᠶᠢᠰᠢᠩ ᠤᠨ ᠲᠤᠳᠤᠷ᠎ᠠ ᠪᠠᠨ ᠬᠡᠨ ᠬᠦᠮᠦᠨ ᠭᠡᠳ ᠢᠰᠬᠢᠷᠴᠦ ᠱᠤᠤᠬᠢᠬᠤ ᠶᠢ ᠴᠡᠭᠡᠷᠯᠡᠨ᠎ᠡ᠃⒉ ᠬᠡᠥᠬᠡᠳ ᠪᠠᠭᠠᠴᠤᠳ ᠤᠨ ᠭᠡᠷ ᠲᠡᠭᠡᠨ ᠤᠷᠤᠨ ᠭᠠᠷᠤᠨ ᠭᠢᠩᠰᠢᠨ ᠲᠠᠭᠤᠯᠠᠬᠤ ᠶᠢ ᠴᠡᠭᠡᠷᠯᠡᠨ᠎ᠡ᠃⒊ ᠬᠡᠨ ᠬᠦᠮᠦᠨ ᠴᠤ ᠭᠡᠷ ᠤᠨ ᠪᠤᠱᠤᠭ᠎ᠠ ᠲᠡᠭᠡᠷ᠎ᠡ ᠰᠠᠭᠤᠬᠤ ᠶᠢ ᠴᠡᠭᠡᠷᠯᠡᠨ᠎ᠡ᠃⒋ ᠬᠡᠨ ᠬᠦᠮᠦᠨ ᠴᠤ ᠡᠭᠦᠳᠡ ᠠᠯᠳᠠᠯᠠᠵᠤ ᠵᠤᠭᠰᠤᠬᠤ ᠶᠢ ᠴᠡᠭᠡᠷᠯᠡᠨ᠎ᠡ᠃⒌ ᠨᠤᠴᠤᠵᠤ ᠪᠠᠶᠢᠭ᠎ᠠ ᠲᠤᠯᠭ᠎ᠠ ᠶᠢᠨ ᠭᠠᠯ ᠳᠤ ᠬᠠᠷ᠎ᠠ ᠤᠰᠤ ᠰᠠᠴᠤᠬᠤ ᠶᠢ ᠴᠡᠭᠡᠷᠯᠡᠨ᠎ᠡ᠃⒍ ᠲᠤᠯᠭ᠎ᠠ ᠲᠡᠭᠡᠷ᠎ᠡ ᠲᠠᠯᠪᠢᠭᠰᠠᠨ ᠲᠤᠭᠤᠭᠠᠨ ᠳᠤ ᠬᠠᠷ᠎ᠠ ᠤᠰᠤ ᠬᠢᠵᠤ ᠰᠠᠮᠤᠷᠬᠤ ᠶᠢ ᠴᠡᠭᠡᠷᠯᠡᠨ᠎ᠡ᠃⒎ ᠲᠤᠭᠤᠭ᠎ᠠ ᠪᠠᠨ ᠲᠤᠯᠭ᠎ᠠ ᠶᠢᠨ ᠲᠡᠭᠡᠷ᠎ᠡ ᠲᠠᠯᠪᠢᠬᠤ ᠳᠤ ᠪᠠᠨ ᠡᠭᠦᠳᠡᠨ ᠵᠦᠭ ᠬᠠᠵᠠᠶᠢᠯᠭᠠᠬᠤ ᠶᠢ ᠴᠡᠭᠡᠷᠯᠡᠨ᠎ᠡ᠃⒏ ᠰᠢᠯᠡᠭᠡᠪᠦᠷᠢ ᠮᠤᠳᠤ ᠪᠠᠷ ᠢᠶᠠᠨ ᠭᠠᠷ ᠲᠤᠩᠰᠢᠬᠤ ᠶᠢ ᠴᠡᠭᠡᠷᠯᠡᠨ᠎ᠡ᠃⒐ ᠭᠠᠯ ᠲᠤᠯᠭ᠎ᠠ ᠤᠷᠤᠭᠤ ᠪᠠᠨ ᠨᠢᠯᠪᠤᠬᠤ ᠪᠤᠶᠤ ᠭᠠᠯ ᠲᠤᠯᠭ᠎ᠠ ᠪᠠᠨ ᠠᠯᠬᠤᠵᠤ ᠭᠠᠷᠬᠤ ᠶᠢ ᠴᠡᠭᠡᠷᠯᠡᠨ᠎ᠡ᠃⒑ ᠶᠠᠮᠠᠷ ᠴᠤ ᠠᠶᠢᠯ ᠭᠡᠷ ᠭᠡᠳ ᠦᠨᠡᠰᠦ ᠬᠤᠭ ᠢᠶᠠᠨ ᠨᠢᠭᠡ ᠲᠤᠤᠷ᠎ᠠ ᠤᠪᠤᠭᠠᠯᠵᠤ ᠠᠰᠬᠠᠬᠤ ᠶᠢ ᠴᠡᠭᠡᠷᠯᠡᠨ᠎ᠡ᠃      ᠬᠤᠪᠴᠠᠰᠤ ᠬᠤᠨᠠᠷ ᠢᠶᠠᠨ ᠤᠬᠢᠶᠠᠵᠤ ᠴᠡᠪᠡᠷᠯᠡᠬᠦ ᠶᠤᠰᠤ ᠵᠢᠷᠤᠮ᠄⒈ ᠶᠡᠬᠡᠮᠡᠳ ᠡᠬᠡᠮᠡᠳ ᠤᠨ ᠬᠤᠪᠴᠠᠰᠤ ᠪᠤᠯᠤᠨ ᠪᠠᠭᠠᠴᠤᠳ ᠤᠨ ᠬᠤᠪᠴᠠᠰᠤ ᠶᠢ ᠨᠢᠭᠡ ᠲᠤᠤᠷ᠎ᠠ ᠨᠡᠶᠢᠯᠡᠭᠦᠯᠵᠦ ᠤᠬᠢᠶᠠᠵᠤ ᠪᠤᠯᠬᠤ ᠦᠭᠡᠢ᠃⒉ ᠲᠡᠭᠡᠳᠦ ᠪᠡᠶ᠎ᠡ ᠶᠢᠨ ᠬᠤᠪᠴᠠᠰᠤ ᠪᠤᠯᠤᠨ ᠲᠤᠤᠷᠠᠳᠤ ᠪᠡᠶ᠎ᠡ ᠶᠢᠨ ᠬᠤᠪᠴᠠᠰᠤ ᠶᠢ ᠨᠢᠭᠡ ᠲᠤᠤᠷ᠎ᠠ ᠨᠡᠶᠢᠯᠡᠭᠦᠯᠵᠦ ᠤᠬᠢᠶᠠᠵᠤ ᠪᠤᠯᠬᠤ ᠦᠭᠡᠢ᠃⒊ ᠶᠡᠬᠡᠮᠡᠳ ᠤᠨ ᠬᠤᠪᠴᠠᠰᠤ ᠪᠠ ᠮᠠᠯᠠᠭᠠᠢ᠂ ᠪᠦᠰᠡ ᠶᠢᠨ ᠲᠡᠭᠡᠭᠦᠷ ᠬᠢᠰᠬᠢᠵᠦ ᠠᠯᠬᠤᠵᠤ ᠭᠠᠷᠴᠤ ᠪᠤᠯᠬᠤ ᠦᠭᠡᠢ᠃      ᠡᠳᠦᠷ ᠤᠨ ᠭᠡᠶᠢᠴᠢᠨ ᠵᠤᠴᠢᠨ ᠳᠤ ᠪᠠᠨ ᠤᠭᠳᠤᠨ ᠠᠪᠴᠤ᠂ ᠦᠳᠡᠨ ᠮᠤᠷᠳᠠᠭᠤᠯᠬᠤ ᠶᠢᠨ ᠶᠤᠰᠤ ᠵᠢᠷᠤᠮ᠄      ᠭᠡᠶᠢᠴᠢᠨ ᠵᠤᠴᠢᠨ ᠢᠷᠡᠬᠦ ᠳᠤ ᠭᠡᠷ ᠤᠨ ᠬᠡᠥᠬᠡᠳ ᠪᠠᠭᠠᠴᠤᠳ ᠨᠢ ᠭᠠᠳᠠᠨ᠎ᠠ ᠭᠠᠷᠴᠤ᠂ ᠨᠤᠬᠠᠢ ᠪᠠᠨ ᠬᠤᠷᠢᠬᠤ ᠶᠢᠨ ᠵᠡᠷᠭᠡ ᠪᠠᠷ ᠭᠡᠶᠢᠴᠢᠨ ᠢᠶᠠᠨ ᠤᠭᠳᠤᠨ ᠠᠪᠴᠤ ᠮᠡᠨᠳᠦᠴᠢᠯᠡᠨ ᠵᠤᠯᠭᠠᠵᠤ᠂ ᠭᠡᠷ ᠲᠡᠭᠡᠨ ᠤᠷᠢᠨ ᠤᠷᠤᠭᠤᠯᠤᠨ᠎ᠠ᠃ ᠬᠡᠷᠪᠡ ᠶᠡᠬᠡᠮᠡᠳ ᠪᠤᠭᠤᠷᠤᠯᠴᠤᠳ ᠤᠨᠤᠭ᠎ᠠ ᠮᠤᠷᠢ ᠲᠠᠢ ᠢᠷᠡᠭᠰᠡᠨ ᠪᠤᠯ ᠮᠤᠷᠢᠨ ᠤᠶᠠᠭᠠᠨ ᠲᠡᠭᠡᠷ᠎ᠡ ᠤᠭᠳᠤᠨ ᠠᠪᠴᠤ ᠤᠨᠤᠭ᠎ᠠ ᠮᠤᠷᠢ ᠶᠢ ᠨᠢ ᠠᠪᠴᠤ ᠤᠶᠠᠭᠠᠳ ᠭᠡᠷ ᠲᠤ ᠪᠠᠨ ᠵᠠᠯᠠᠨ᠎ᠠ᠃      ᠭᠡᠷ ᠲᠤ ᠤᠷᠤᠭᠰᠠᠨ ᠤ ᠲᠠᠷᠠᠭ᠎ᠠ᠂ ᠭᠦᠬᠦᠷ ᠰᠤᠯᠢᠯᠴᠠᠨ ᠮᠡᠨᠳᠦᠴᠢᠯᠡᠵᠦ᠂ ᠴᠠᠭᠠᠨ ᠢᠳᠡᠭᠡ ᠠᠮᠰᠠᠭᠤᠯᠤᠨ ᠴᠠᠢ ᠠᠶᠠᠭᠠᠯᠠᠵᠤ ᠬᠤᠭᠤᠯᠠᠨ ᠳᠤ ᠵᠠᠯᠠᠳᠠᠭ᠃      ᠭᠡᠶᠢᠴᠢᠨ ᠮᠤᠷᠳᠠᠬᠤ ᠦᠶ᠎ᠡ ᠳᠤ ᠨᠢ ᠮᠦᠨ ᠵᠠᠯᠠᠭᠤ ᠪᠠᠭᠠᠴᠤᠳ ᠨᠢ ᠭᠠᠳᠠᠨ᠎ᠠ ᠪᠠᠨ ᠭᠠᠷᠴᠤ᠂ ᠨᠤᠬᠠᠢ ᠪᠠᠨ ᠬᠤᠷᠢᠨ ᠦᠳᠡᠨ ᠮᠤᠷᠳᠠᠭᠤᠯᠬᠤ ᠶᠤᠰᠤᠳᠠᠢ᠃ ᠬᠡᠷᠪᠡ ᠲᠡᠭᠡᠵᠢ ᠪᠢᠯᠢᠭ ᠲᠠᠢ ᠢᠷᠡᠭᠰᠡᠨ ᠭᠡᠶᠢᠴᠢᠨ ᠵᠤᠴᠢᠨ ᠳᠤ ᠪᠤᠯ᠂ ᠵᠠᠪᠠᠯ ᠴᠠᠭᠠᠨ ᠢᠳᠡᠭᠡ ᠠᠮᠰᠠᠭᠤᠯᠵᠤ᠂ ᠰᠠᠮᠪᠠᠢ ᠬᠠᠳᠠᠭ ᠲᠠᠳᠠᠵᠤ᠂ ᠬᠠᠷᠢᠭᠤ ᠪᠡᠯᠡᠭ ᠦᠭᠴᠦ ᠮᠤᠷᠳᠠᠭᠤᠯᠬᠤ ᠶᠤᠰᠤᠳᠠᠢ᠃ ᠨᠠᠰᠤᠳᠠᠨ ᠪᠤᠭᠤᠷᠤᠯᠴᠤᠳ ᠢᠷᠡᠭᠰᠡᠨ ᠪᠤᠯ ᠮᠤᠷᠢ ᠤᠨᠤᠭᠠᠨ ᠳᠤ ᠨᠢ ᠤᠨᠤᠭᠤᠯᠵᠤ ᠦᠭᠬᠦ ᠬᠡᠷᠡᠭᠳᠡᠢ᠃ ᠵᠠᠮ ᠤᠨ ᠬᠦᠮᠦᠰ ᠪᠠ ᠡᠷᠢᠯ ᠰᠤᠷᠠᠭ ᠲᠤ ᠶᠠᠪᠤᠭᠰᠠᠨ ᠬᠦᠮᠦᠰ ᠢ ᠴᠤ ᠨᠢᠭᠡᠨ ᠠᠳᠠᠯᠢ ᠪᠠᠷ ᠤᠭᠳᠤᠨ ᠠᠪᠴᠤ ᠤᠴᠢᠷ ᠶᠠᠪᠤᠳᠠᠯ ᠢ ᠨᠢ ᠦᠨᠡᠨ ᠮᠦᠨ ᠢᠶᠠᠷ ᠬᠠᠷᠢᠭᠤᠯᠤᠨ᠂ ᠴᠠᠢ ᠬᠤᠭᠤᠯᠠ ᠬᠢᠵᠤ ᠦᠭᠭᠦᠨ᠂ ᠦᠳᠡᠵᠦ ᠮᠤᠷᠳᠠᠭᠤᠯᠬᠤ ᠬᠡᠷᠡᠭᠳᠡᠢ᠃ ᠤᠨᠴᠠᠭᠠᠶᠢᠯᠠᠨ ᠪᠤᠳᠠᠭ᠎ᠠ ᠬᠤᠭᠤᠯᠠ ᠭᠤᠶᠤᠭᠰᠠᠨ ᠭᠤᠶᠤᠯᠭᠠᠴᠢᠨ ᠢᠷᠡᠭᠰᠡᠨ ᠴᠤ ᠬᠠᠯᠠᠭᠤᠨ ᠲᠤᠳᠤᠨᠤ ᠪᠠᠷ ᠬᠦᠯᠢᠶᠡᠨ ᠠᠪᠴᠤ᠂ ᠢᠳᠡᠭᠦᠯᠵᠦ ᠤᠤᠭᠤᠯᠭᠠᠭᠠᠳ ᠪᠠᠶᠢᠬᠤ ᠶᠢᠨ ᠬᠢᠷᠢ ᠪᠠᠷ ᠢᠶᠠᠨ ᠦᠭᠯᠢᠭᠡ ᠦᠭᠴᠦ ᠶᠠᠪᠤᠭᠤᠯᠬᠤ ᠶᠤᠰᠤᠳᠠᠢ᠃ ᠬᠠᠷᠢᠨ ᠮᠠᠭᠤᠯᠠᠵᠤ ᠲᠤᠷᠤᠮᠵᠢᠯᠠᠵᠤ ᠪᠤᠯᠬᠤ ᠦᠭᠡᠢ᠃      ᠡᠳᠡᠭᠡᠷ ᠪᠦᠭᠦᠨ ᠪᠤᠯ ᠮᠤᠩᠭᠤᠯᠴᠣᠳ ᠤᠨ ᠡᠷᠳᠡ ᠲᠡᠭᠡᠳᠦ ᠦᠶ᠎ᠡ ᠠᠴᠠ ᠵᠢᠷᠤᠮᠯᠠᠭᠰᠠᠭᠠᠷ ᠢᠷᠡᠭᠰᠡᠨ ᠡᠷᠬᠢᠮ ᠲᠡᠭᠡᠳᠦ ᠵᠠᠩ ᠴᠢᠨᠠᠷ ᠶᠤᠰᠤ ᠵᠢᠷᠤᠮᠯᠠᠯ ᠮᠦᠨ᠃
 
ᠢᠷᠡᠯᠲᠡ᠄ ᠤᠳᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号